ᠶᠡᠷᠦᠩᠬᠡᠶᠢᠯᠡᠭᠴᠢ ᠭ ∙ ᠦᠦᠷᠴᠤᠯᠮᠤᠨ ᠳᠤ ᠪᠠᠶᠢᠷᠢ ᠪᠡᠯᠡᠭᠯᠡᠪᠡ | News.MN

ᠶᠡᠷᠦᠩᠬᠡᠶᠢᠯᠡᠭᠴᠢ ᠭ ∙ ᠦᠦᠷᠴᠤᠯᠮᠤᠨ ᠳᠤ ᠪᠠᠶᠢᠷᠢ ᠪᠡᠯᠡᠭᠯᠡᠪᠡ

《ᠵᠠᠺᠠᠷᠲ᠋ᠠ-2018  》ᠠᠽᠢᠶ᠎ᠠ ᠶᠢᠨ ᠨᠠᠭᠠᠳᠤᠮ ᠤᠨ ᠰᠠᠮᠪᠣ ᠪᠥᠬᠡ ᠶᠢᠨ ᠲᠥᠷᠥᠯ ᠳᠦ ᠮᠠᠨ ᠤ ᠲᠠᠮᠢᠷᠴᠢᠳ ᠠᠮᠵᠢᠯᠲᠠᠲᠠᠢ ᠣᠷᠣᠯᠴᠠᠵᠤ᠂ ᠨᠡᠶᠢᠲᠡ ᠳᠥᠷᠪᠡᠨ ᠮᠧᠳᠠᠯ ︵1 ᠠᠯᠲᠠ᠂ 2 ᠮᠥᠩᠭᠥ᠂ 1 ᠬᠦᠷᠡᠯ ᠮᠧᠳᠠᠯ︶ ᠬᠦᠷᠲᠡᠭᠰᠡᠨ ᠪᠢᠯᠡ᠃ ᠰᠢᠭᠰᠢᠭᠡ  ᠪᠠᠭ  ᠢᠶᠠᠨ ᠤᠳᠤᠷᠢᠳᠤᠨ ᠠᠮᠵᠢᠯᠲᠠᠲᠠᠢ ᠣᠷᠣᠯᠴᠠᠭᠰᠠᠨ ᠰᠠᠮᠪᠣ ᠪᠥᠬᠡ ᠶᠢᠨ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠭᠠᠩᠬᠤᠶᠠᠭ ᠤᠨ ᠦᠦᠷᠴᠤᠯᠮᠤᠨ  ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠨᠢᠭᠡ ᠥᠷᠥᠭᠡ ᠪᠠᠶᠢᠷᠢ ᠪᠡᠯᠡᠭᠯᠡᠵᠡᠢ᠃
ᠶᠢᠰᠦᠳᠦᠭᠡᠷ ᠰᠠᠷ᠎ᠠ ᠶᠢᠨ 17 ᠍ ᠤ ᠪᠢᠯᠢᠭᠲᠦ ᠰᠠᠶᠢᠨ ᠡᠳᠦᠷ ᠠᠰᠢᠭᠯᠠᠯᠲᠠ ᠳᠤ ᠣᠷᠣᠭᠰᠠᠨ Grande Villa ᠴᠣᠭᠴᠠᠯᠠᠪᠤᠷᠢ ᠶᠢᠨ 001  ᠴᠣ ᠰᠢᠨ᠎ᠡ ᠪᠠᠶᠢᠷᠢᠨ ᠤ ᠲᠦᠯᠬᠢᠭᠦᠷ ᠢ ᠮᠣᠩᠭᠣᠯ ᠤᠨ ᠰᠠᠮᠪᠣ ᠪᠥᠬᠡ ᠶᠢᠨ ᠬᠣᠯᠪᠣᠭᠠᠨ ᠤ ᠳᠡᠳ᠋ ᠶᠡᠷᠦᠩᠬᠡᠶᠢᠯᠡᠭᠴᠢ ᠪᠠᠲᠤᠵᠢᠷᠭᠠᠯ ᠨᠠᠷ ᠭᠠᠷᠳᠠᠭᠤᠯᠤᠨ ᠥᠭᠴᠦ᠂ ᠠᠯᠳᠠ ᠴᠡᠩᠬᠡᠷ ᠬᠠᠳᠠᠭ ᠢᠶᠠᠷ ᠮᠢᠯᠢᠶᠠᠭᠰᠠᠨ ᠪᠠᠶᠢᠨ᠎ᠠ᠃
ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ