ᠳᠤᠮᠳᠠᠭᠤᠪᠢ ᠠᠶᠢᠮᠠᠭ ᠤᠨ ᠮᠠᠨᠳᠠᠯᠭᠣᠪᠢ ᠬᠤᠲᠠᠨ᠎ᠠ 《ᠮᠣᠷᠢᠲᠠᠨ ᠤ ᠰᠤᠶᠤᠯ ᠠᠶᠢᠷᠠᠭ ᠤᠨ ᠪᠠᠶᠠᠷ 》 ᠠᠷᠭ᠎ᠠ ᠬᠡᠮᠵᠢᠶ᠎ᠡ ᠶᠢᠰᠦᠳᠦᠭᠡᠷ ᠰᠠᠷ᠎ᠠ ᠶᠢᠨ 28-29 ᠍ ᠳᠦ ᠪᠣᠯᠤᠨ᠎ᠠ᠃ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ 《ᠡᠯᠢᠭᠡᠮᠰᠡᠭ ᠳᠣᠲᠣᠨᠣ ᠳᠤᠮᠳᠠᠭᠤᠪᠢ ᠲᠥᠷᠥ ᠶᠢᠨ ᠪᠤᠰᠤ ᠪᠠᠶᠢᠭᠤᠯᠤᠯᠭ᠎ᠠ》᠂ ᠠᠶᠢᠮᠠᠭ ᠤᠨ ᠬᠦᠨᠡᠰᠦ ᠬᠥᠳᠡᠭᠡ ᠠᠵᠤ ᠠᠬᠤᠢ ᠶᠢᠨ ᠬᠣᠷᠰᠢᠶᠠᠯᠠᠭᠴᠢᠳ ᠤᠨ ᠬᠣᠯᠪᠣᠭ᠎ᠠ ᠬᠠᠮᠲᠤᠷᠠᠨ ᠠᠳᠤᠭᠤ ᠪᠣᠯᠤᠨ ︽ᠠᠶᠢᠷᠠᠭ 》 ᠪᠷᠡᠨᠳ᠋ ᠢᠶᠡᠨ ᠰᠤᠷᠲᠠᠯᠴᠢᠯᠠᠬᠤ ᠵᠣᠷᠢᠯᠭ᠎ᠠ ᠪᠠᠷ ᠳᠡᠭᠡᠷᠡᠬᠢ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠬᠤ ᠶᠤᠮ᠃
ᠠᠳᠤᠭᠤ ᠪᠠᠷ᠂ ᠠᠶᠢᠷᠠᠭ ᠢᠶᠠᠷ ᠢᠶᠠᠨ ᠠᠯᠳᠠᠷᠲᠠᠢ ᠳᠤᠮᠳᠠᠭᠤᠪᠢ ᠠᠶᠢᠮᠠᠭ ᠤᠨ 15 ᠰᠤᠮᠤ ᠶᠢ ᠬᠠᠮᠤᠷᠤᠭᠤᠯᠬᠤ ᠡᠨᠡᠬᠦ ᠪᠠᠶᠠᠷ ᠤᠨ ᠦᠢᠯᠡ ᠠᠵᠢᠯᠯᠠᠭᠠᠨ ᠤ ᠦᠶ᠎ᠡ ᠪᠡᠷ 300 ᠣᠷᠴᠢᠮ ᠮᠣᠷᠢᠲᠠᠨ ᠤ ᠵᠢᠭᠰᠠᠭᠠᠯ᠂ ᠮᠣᠷᠢᠲᠠᠨ ᠤ ᠬᠡᠷᠡᠭᠯᠡᠯ ᠪᠣᠯᠤᠨ ᠰᠠᠶᠢᠬᠠᠨ ᠬᠣᠣᠰ ᠮᠣᠷᠢᠲᠠᠨ ᠰᠢᠯᠭᠠᠷᠠᠭᠤᠯᠬᠤ᠂ ᠮᠣᠷᠢᠨ ᠳᠡᠭᠡᠷ᠎ᠡ ᠡᠴᠡ ᠳᠥᠷᠪᠡᠨ ᠪᠡᠷᠬᠡ ᠬᠠᠶᠠᠬᠤ᠂ ᠠᠶᠢᠷᠠᠭ ᠤᠨ ᠳᠤᠭᠤᠷ᠎ᠠ ᠪᠣᠯᠤᠨ᠂ᠠᠳᠤᠭᠤ᠂ ᠠᠶᠢᠷᠠᠭ ᠤᠨ ᠲᠤᠬᠠᠢ ᠳᠠᠭᠤᠤ᠂ ᠳᠡᠮᠪᠡᠭᠡ ᠨᠠᠭᠠᠳᠤᠭᠠᠢ ᠂ ᠬᠤᠷᠤᠭᠤ ᠨᠠᠭᠠᠳᠤᠭᠠᠢ᠂ ᠠᠶᠢᠷᠠᠭ ᠤᠤᠭᠤᠬᠤ ᠰᠣᠨᠢᠷᠬᠠᠯᠲᠠᠢ ᠲᠡᠮᠡᠴᠡᠭᠡᠨ ᠨᠦᠭᠦᠳ ᠪᠣᠯᠤᠨ᠎ᠠ᠃
ᠠᠷᠭ᠎ᠠ ᠬᠡᠮᠵᠢᠶᠡᠨ ᠳᠦ ᠣᠷᠣᠯᠴᠠᠭᠴᠢᠳ ᠪᠥᠭᠥᠳᠡᠭᠡᠷ ᠢᠶᠡᠨ ᠮᠣᠩᠭᠣᠯ ᠬᠤᠪᠴᠠᠰᠤ ᠪᠠᠷ ᠢᠶᠠᠨ ᠭᠣᠶᠣᠬᠤ ᠪᠥᠭᠡᠳ ᠨᠡᠶᠢᠲᠡ ᠣᠷᠣᠯᠴᠠᠭᠴᠢᠳ ᠤᠨ 30 ᠬᠤᠪᠢ ᠨᠢ ᠮᠠᠯᠴᠢᠨ ᠡᠮᠡᠭᠲᠡᠢ ᠪᠠᠶᠢᠬᠤ ᠱᠠᠭᠠᠷᠳᠠᠯᠭ᠎ᠠ ᠲᠠᠢ ᠠᠵᠠᠢ᠃ ᠪᠠᠶᠠᠷ ᠤᠨ ᠦᠶ᠎ᠡ ᠪᠡᠷ 《ᠳᠤᠮᠳᠠᠭᠤᠪᠢ-ᠲᠦᠩᠰᠢᠯᠡᠯ 2018》 ᠦᠵᠡᠰᠬᠦᠯᠡᠩ ᠬᠤᠳᠠᠯᠳᠤᠭ᠎ᠠ ᠪᠣᠯᠬᠤ ᠪᠥᠭᠡᠳ 15 ᠰᠤᠮᠤ ᠶᠢᠨ ᠦᠢᠯᠡᠳᠪᠦᠷᠢᠯᠡᠯ ᠡᠷᠬᠢᠯᠡᠭᠴᠢᠳ᠂ ᠮᠠᠯᠴᠢᠳ ᠣᠷᠣᠯᠴᠠᠵᠤ᠂ ᠣᠷᠣᠨ ᠨᠤᠲᠤᠭ ᠲᠤ ᠪᠠᠨ ᠦᠢᠯᠡᠳᠪᠦᠷᠢᠯᠡᠭᠰᠡᠨ ᠪᠦᠲᠦᠭᠡᠭᠳᠡᠬᠦᠨ ᠢ ᠵᠠᠬ᠎ᠠ ᠵᠡᠭᠡᠯᠢ ᠳᠦ ᠪᠣᠷᠣᠯᠠᠭᠤᠯᠵᠤ᠂ ᠰᠤᠷᠲᠠᠯᠴᠢᠯᠠᠨ᠎ᠠ᠃
ᠳ ∙ ᠠᠯᠲᠠᠨᠲ᠋ᠣᠭᠣᠰ