ᠳᠡᠯᠡᠬᠡᠢ ᠶᠢᠨ ᠬᠣᠱᠣᠢ ᠠᠪᠤᠷᠭᠤ ᠹ ∙ ᠠᠯᠠᠨᠰᠠ ᠵᠣᠳᠣᠭ ᠲᠠᠶᠢᠯᠤᠨ᠎ᠠ | News.MN

ᠳᠡᠯᠡᠬᠡᠢ ᠶᠢᠨ ᠬᠣᠱᠣᠢ ᠠᠪᠤᠷᠭᠤ ᠹ ∙ ᠠᠯᠠᠨᠰᠠ ᠵᠣᠳᠣᠭ ᠲᠠᠶᠢᠯᠤᠨ᠎ᠠ

ᠹᠣᠷᠮᠤᠯ-1 ᠤᠷᠤᠯᠳᠤᠭᠠᠨ ᠤ ᠳᠡᠯᠡᠬᠡᠢ ᠶᠢᠨ ᠬᠣᠱᠣᠢ ᠠᠪᠤᠷᠭᠤ ᠢᠰᠫᠠᠨᠢᠢ ᠹ ∙ ᠠᠯᠠᠨᠰᠠ ᠡᠨᠡ ᠤᠯᠠᠷᠢᠯ ᠢ ᠥᠨᠳᠦᠷᠯᠡᠭᠦᠯᠦᠭᠡᠳ ᠵᠣᠳᠣᠭ ᠲᠠᠶᠢᠯᠤᠨ᠎ᠠ ᠭᠡᠳᠡᠭ ᠢᠶᠡᠨ ᠮᠡᠳᠡᠭᠳᠡᠯ᠎ᠡ᠃ ᠲᠡᠷᠡᠪᠡᠷ 《ᠭᠠᠶᠢᠬᠠᠯᠲᠠᠢ ᠡᠨᠡ ᠰᠫᠣᠷᠲ ᠢᠶᠠᠷ 17 ᠵᠢᠯ ᠤᠷᠤᠯᠳᠤᠭᠰᠠᠨ ᠤ ᠳᠠᠷᠠᠭ᠎ᠠ ᠥᠭᠡᠷᠡᠴᠢᠯᠡᠯᠲᠡ ᠬᠢᠬᠦ ᠴᠠᠭ ᠨᠢ ᠪᠣᠯᠤᠭᠰᠠᠨ ᠭᠡᠵᠦ ᠬᠠᠷᠠᠵᠤ ᠪᠠᠶᠢᠨ᠎ᠠ》 ᠬᠡᠮᠡᠨ ᠵᠣᠳᠣᠭ ᠲᠠᠶᠢᠯᠬᠤ ᠲᠤᠬᠠᠢ ᠶᠢ ᠪᠠᠨ ᠶᠠᠷᠢᠭᠰᠠᠨ ᠪᠠᠶᠢᠨ᠎ᠠ᠃ ᠡᠳᠦᠭᠡ 37 ᠨᠠᠰᠤᠲᠠᠢ ᠹ ∙ ᠠᠯᠠᠨᠰᠠ ᠠᠩᠬ᠎ᠠ 2001 ᠣᠨ ᠳᠤ ᠣᠳᠣ ᠶᠢᠨ 《ᠷᠧᠨ᠋ᠣ》 ᠪᠠᠭ᠎ᠠ ᠠᠴᠠ ᠺᠠᠷᠢᠸᠷ ᠢᠶᠠᠨ ᠡᠬᠢᠯᠡᠭᠦᠯᠵᠦ ᠪᠠᠶᠢᠭᠰᠠᠨ ᠪᠥᠭᠡᠳ 2005᠂ 2006 ᠣᠨ ᠳᠤ ᠵᠢᠯ ᠳᠠᠷᠠᠭᠠᠯᠠᠯᠠᠨ ᠳᠡᠯᠡᠬᠡᠢ ᠶᠢᠨ ᠠᠪᠤᠷᠭᠤ ᠴᠣᠯᠠ ᠶᠢ ᠬᠦᠷᠲᠡᠵᠦ ᠪᠠᠶᠢᠭᠰᠠᠨ᠃ ᠬᠠᠷᠢᠨ ᠲᠡᠷᠡ ᠰᠡᠭᠦᠯ ᠦᠨ ᠵᠢᠯ ᠦᠳ ᠲᠦ ᠬᠠᠩᠭᠠᠯᠲᠠᠲᠠᠢ ᠥᠷᠢᠰᠦᠯᠳᠦᠭᠡᠨ ᠢ ᠦᠵᠡᠭᠦᠯᠵᠦ ᠴᠢᠳᠠᠬᠤ ᠦᠭᠡᠢ ᠪᠠᠶᠢᠭ᠎ᠠ᠃

ᠲᠡᠷᠡ ᠺᠠᠷᠢᠶᠧᠷ ᠤᠨ ᠢᠶᠠᠨ ᠲᠤᠷᠰᠢ 《ᠷᠧᠨ᠋ᠣ》᠂ 《ᠮᠺᠯᠠᠷᠧᠨ》᠂ 《ᠹᠧᠷᠷᠠᠷᠢ》 ᠪᠠᠭ ᠤᠳ ᠲᠤ ᠬᠦᠴᠦᠨ ᠵᠢᠳᠬᠦᠵᠦ ᠶᠠᠪᠤᠭᠰᠠᠨ᠃ ᠡᠨᠡ ᠤᠯᠠᠷᠢᠯ ᠳᠤ ᠲᠡᠷᠡ 《ᠮᠺᠯᠠᠷᠧᠨ》 ᠪᠠᠭ ᠤᠨ ᠲᠥᠯᠥᠭᠡ ᠤᠷᠤᠯᠳᠤᠵᠤ ᠪᠠᠶᠢᠭ᠎ᠠ ᠪᠥᠭᠡᠳ 44 ᠣᠨᠣᠭ᠎ᠠ ᠲᠠᠢ ᠬᠦᠰᠦᠨᠦᠭᠲᠦ ᠶᠢᠨ 9 ᠍ ᠳᠦᠭᠡᠷ ᠪᠠᠶᠢᠷᠢᠨ ᠳᠤ ᠪᠢᠴᠢᠭᠳᠡᠵᠡᠢ᠃ ᠥᠨᠥᠳᠥᠷ ᠦᠨ ᠪᠠᠶᠢᠳᠠᠯ ᠢᠶᠠᠷ ᠹ ∙ ᠠᠯᠠᠨᠰᠠ 97 ᠤᠳᠠᠭ᠎ᠠ ᠱᠠᠩᠨᠠᠯ ᠤᠨ ᠲᠠᠪᠴᠠᠩ ᠳᠡᠭᠡᠷ᠎ᠡ ᠭᠠᠷᠬᠤ ᠳᠤ ᠪᠠᠨ 32 ᠤᠳᠠᠭ᠎ᠠ ᠳᠤ ᠨᠢ ᠴᠣᠮᠣ ᠬᠦᠷᠲᠡᠵᠦ 2 ᠤᠳᠠᠭ᠎ᠠ ᠳᠡᠯᠡᠬᠡᠢ ᠶᠢᠨ ᠠᠪᠤᠷᠭᠤ ᠴᠣᠯᠠ ᠶᠢ ᠬᠦᠷᠲᠡᠵᠦ ᠪᠠᠶᠢᠭᠰᠠᠨ᠃ ᠮᠥᠨ 23 ᠤᠳᠠᠭ᠎ᠠ ᠲᠣᠭᠣᠷᠢᠭ ᠵᠠᠮ ᠢ ᠬᠠᠮᠤᠭ ᠤᠨ ᠬᠤᠷᠳᠤᠨ ᠲᠤᠭᠤᠯᠵᠤ᠂ 22 ᠤᠳᠠᠭ᠎ᠠ ᠫᠣᠯ ᠫᠣᠽᠢᠰᠢᠨ ᠪᠣᠯᠵᠤ ᠪᠠᠶᠢᠴᠠᠢ᠃

ᠰᠡᠳᠬᠢᠭᠳᠡᠯ ᠦᠯᠡᠳᠡᠭᠡᠬᠦ