ᠵᠡᠰ ᠦᠨ ᠬᠠᠩᠰᠢ 5840 ᠳ᠋ᠣᠯᠯᠠᠷ ᠪᠤᠯᠵᠤ ᠪᠠᠭᠤᠷᠠᠪᠠ | News.MN

ᠵᠡᠰ ᠦᠨ ᠬᠠᠩᠰᠢ 5840 ᠳ᠋ᠣᠯᠯᠠᠷ ᠪᠤᠯᠵᠤ ᠪᠠᠭᠤᠷᠠᠪᠠ

ᠮᠣᠩᠭᠣᠯ ᠤᠯᠤᠰ ᠤᠨ ᠡᠺᠰᠫᠣᠷᠲ ᠤᠨ ᠭᠣᠣᠯᠯᠠᠬᠤ ᠬᠣᠶᠠᠷ ᠪᠦᠲᠦᠭᠡᠭᠳᠡᠬᠦᠨ ᠦ ᠨᠢᠭᠡ ᠪᠣᠯᠬᠤ ᠵᠡᠰ ᠦᠨ ᠦᠨ᠎ᠡ ᠬᠢᠮᠳᠠᠷᠠᠭᠰᠠᠭᠠᠷ ᠪᠠᠶᠢᠨ᠎ᠠ᠃ ᠤᠭ ᠲᠠᠸᠠᠷ ᠤᠨ ᠬᠡᠷᠡᠭᠯᠡᠭᠡ ᠪᠡᠷ ᠳᠡᠯᠡᠬᠡᠢ ᠳᠦ ᠲᠡᠷᠢᠭᠦᠯᠡᠳᠡᠭ ᠬᠢᠲᠠᠳ ᠤᠯᠤᠰ ᠤᠨ ᠢᠮᠫᠣᠷᠲ ᠨᠠᠢᠮᠠᠳᠤᠭᠠᠷ ᠰᠠᠷ᠎ᠠ ᠳᠤ ᠡᠮᠦᠨᠡᠬᠢ  ᠰᠠᠷ᠎ᠠ ᠶᠢᠨ ᠬᠢ ᠠᠴᠠ ᠪᠠᠨ 6.7 ᠬᠤᠪᠢ ᠪᠠᠷ ᠪᠠᠭᠠᠰᠴᠤ᠂ 420 ᠮᠢᠩᠭᠠᠨ ᠲᠣᠨ ᠳᠤ ᠬᠦᠷᠦᠭᠰᠡᠨ ᠲᠤᠬᠠᠢ Reuters ᠤᠯᠠᠮᠵᠢᠯᠠᠪᠠ᠃ ᠴᠢᠨᠠᠭᠰᠢᠳᠠ ᠠᠮᠧᠷᠢᠺᠠ ᠬᠢᠲᠠᠳ ᠤᠨ ᠬᠤᠳᠠᠯᠳᠤᠭᠠᠨ ᠤ ᠳᠠᠶᠢᠨ ᠤ ᠲᠠᠯ᠎ᠠ ᠪᠠᠷ ᠶᠠᠮᠠᠷ ᠮᠡᠳᠡᠭᠡᠯᠡᠯ ᠭᠠᠷᠬᠤ ᠶᠢ ᠬᠥᠷᠥᠩᠭᠡ ᠣᠷᠣᠭᠤᠯᠤᠭᠴᠢᠳ ᠠᠩᠬᠠᠷᠤᠨ ᠠᠵᠢᠭᠯᠠᠵᠤ ᠪᠤᠢ ᠠᠭᠠᠳ ᠡᠨᠡ ᠨᠢ ᠵᠡᠰ ᠦᠨ ᠬᠠᠩᠰᠢ ᠳᠤ ᠨᠦᠯᠦᠭᠡᠯᠡᠬᠦ ᠬᠦᠴᠦᠨ ᠵᠦᠢᠯᠡᠰ ᠦᠨ ᠨᠢᠭᠡ ᠪᠢᠯᠡ᠃ ᠲᠤᠬᠠᠶᠢᠯᠠᠪᠠᠯ᠂ ᠡᠨᠡ ᠨᠢ ᠳᠡᠯᠡᠬᠡᠢ ᠶᠢᠨ ᠵᠡᠰ ᠦᠨ ᠬᠡᠷᠡᠭᠯᠡᠭᠡᠨ ᠦ ᠪᠠᠷᠤᠭ 50 ᠬᠤᠪᠢ ᠨᠢ ᠨᠣᠭᠳᠠᠳᠠᠭ ᠤᠷᠳᠤ ᠬᠥᠷᠰᠢ ᠶᠢᠨ ᠡᠷᠢᠯᠲᠡ ᠳᠦ ᠨᠥᠯᠥᠭᠡᠯᠡᠬᠦ ᠶᠢ Wood Mackenzie ᠮᠡᠳᠡᠭᠡᠯᠡᠪᠡ᠃ ᠥᠴᠥᠭᠡᠳᠦᠷ ᠯᠣᠨᠳᠣᠨ ᠤ ᠮᠧᠲ᠋ᠠᠯ ᠤᠨ ᠪᠢᠷᠵᠢ ᠳᠦ ᠰᠠᠭᠤᠷᠢ ᠮᠧᠲ᠋ᠠᠯ ᠤᠨ ᠦᠨ᠎ᠡ 0.4  ᠬᠤᠪᠢ ᠪᠠᠷ ᠬᠢᠮᠳᠠᠷᠠᠨ᠂ ᠲᠣᠨ ᠨᠢ 5900 ᠳ᠋ᠣᠯᠯᠠᠷ ᠠᠴᠠ ᠴᠤ ᠳᠣᠭᠣᠭᠰᠢᠯᠠᠵᠤ᠂ 5840 ᠍ ᠳᠦ ᠬᠦᠷᠪᠡ᠃ ᠶᠡᠷᠦ ᠨᠢ ᠣᠨ ᠭᠠᠷᠤᠭᠰᠠᠨ ᠠᠴᠠ ᠬᠣᠶᠢᠰᠢ ᠤᠭ ᠲᠠᠸᠠᠷ ᠤᠨ ᠦᠨ᠎ᠡ ᠨᠡᠶᠢᠲᠡ 20 ᠣᠷᠴᠢᠮ ᠬᠤᠪᠢ ᠪᠠᠷ ᠬᠢᠮᠳᠠᠷᠠᠭᠠᠳ ᠪᠠᠶᠢᠭ᠎ᠠ ᠶᠤᠮ᠃ ᠤᠭ ᠨᠢ ᠥᠩᠭᠡᠷᠡᠭᠰᠡᠨ ᠵᠢᠷᠭᠤᠳᠤᠭᠠᠷ ᠰᠠᠷ᠎ᠠ ᠳᠤ ᠲᠣᠨ ᠨᠢ 7348 ︽ᠨᠣᠭᠣᠭᠠᠨ︾ ᠲᠠᠢ  ᠳ᠋ᠦᠢᠵᠦ᠂ ᠰᠡᠭᠦᠯ ᠦᠨ ᠳᠥᠷᠪᠡᠨ ᠵᠢᠯ ᠬᠠᠭᠠᠰ ᠤᠨ ᠢᠶᠠᠨ ᠳᠡᠭᠡᠳᠦ ᠲᠦᠪᠰᠢᠨ ᠳᠦ  ᠬᠦᠷᠦᠭᠡᠳ ᠪᠠᠶᠢᠯ᠎ᠠ ᠃ ᠵᠠᠬ᠎ᠠ ᠵᠡᠭᠡᠯᠢ ᠬᠤᠪᠢᠷᠠᠮᠠᠲᠠᠭᠠᠢ᠂ ᠵᠡᠰ ᠦᠨ ᠬᠠᠩᠰᠢ ᠴᠢᠨᠠᠭᠰᠢᠳᠠ ᠬᠡᠷᠬᠢᠬᠦ ᠶᠢ ᠲᠠᠭᠠᠮᠠᠭᠯᠠᠬᠤ ᠳᠤ ᠪᠡᠷᠬᠡ ᠬᠡᠮᠡᠨ Marex spectron ᠺᠣᠮᠫᠠᠨᠢ ᠶᠢᠨ ᠰᠢᠨᠵᠢᠭᠡᠴᠢ ᠦᠭᠦᠯᠡᠵᠡᠢ᠃

ᠰᠡᠳᠬᠢᠭᠳᠡᠯ ᠦᠯᠡᠳᠡᠭᠡᠬᠦ