ᠭᠸᠷᠮᠡᠨ ᠳᠦ ᠮᠦᠷᠡᠨ ᠨᠡᠷ᠎ᠡ ᠲᠡᠢ ᠭᠤᠳᠤᠮᠵᠢ ᠪᠠᠶᠢᠭᠤᠯᠤᠭᠳᠠᠯ᠎ᠠ | News.MN

ᠭᠸᠷᠮᠡᠨ ᠳᠦ ᠮᠦᠷᠡᠨ ᠨᠡᠷ᠎ᠡ ᠲᠡᠢ ᠭᠤᠳᠤᠮᠵᠢ ᠪᠠᠶᠢᠭᠤᠯᠤᠭᠳᠠᠯ᠎ᠠ

ᠬᠤᠯᠪᠤᠭᠠᠨ ᠤ ᠪᠦᠭᠦᠳᠡ ᠨᠠᠶᠢᠷᠠᠮᠳᠠᠬᠤ ᠭᠸᠷᠮᠠᠡ ᠤᠯᠤᠰ ᠤᠨ ᠪᠠᠷᠤᠲ ᠮᠠᠷᠺ ᠬᠣᠲᠠ ᠪᠣᠯᠤᠨ ᠬᠥᠪᠰᠥᠭᠥᠯ ᠠᠶᠢᠮᠠᠭ ᠤᠨ ᠲᠥᠪ ᠮᠥᠷᠡᠨ ᠬᠣᠲᠠ ᠨᠢ 2011 ᠣᠨ ᠠᠴᠠ ᠡᠬᠢᠯᠡᠨ ᠲᠦᠩᠰᠢᠯᠡᠯ ᠦᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠠᠮᠵᠢᠯᠲᠠ ᠲᠠᠢ ᠬᠥᠭᠵᠢᠭᠦᠯᠵᠦ ᠪᠠᠶᠢᠭ᠎ᠠ ᠶᠤᠮ᠃ ᠡᠨᠡ ᠬᠤᠭᠤᠴᠠᠭᠠᠨ ᠳᠤ ᠮᠥᠷᠡᠨ ᠬᠤᠲᠠ ᠳᠤ ᠮᠡᠷᠭᠡᠵᠢᠯ ᠦᠨ ᠰᠤᠷᠭᠠᠯᠲᠠ ᠶᠢᠨ ᠲᠥᠪ ᠪᠠᠶᠢᠭᠤᠯᠬᠤ᠂ ᠪᠣᠬᠢᠷ ᠤᠰᠤ ᠴᠡᠪᠡᠷᠰᠢᠭᠦᠯᠬᠦ ᠪᠠᠶᠢᠭᠤᠯᠤᠮᠵᠢ ᠲᠥᠯᠥᠪᠯᠡᠬᠦ᠂ ᠳᠤᠮᠳᠠ ᠰᠤᠷᠭᠠᠭᠤᠯᠢ ᠶᠢᠨ ᠰᠤᠷᠤᠭᠴᠢᠳ ᠢ ᠴᠡᠪᠡᠷ ᠤᠰᠤ ᠪᠠᠷ ᠬᠠᠩᠭᠠᠬᠤ ᠵᠡᠷᠭᠡ ᠣᠯᠠᠨ ᠠᠵᠢᠯ ᠬᠢᠭᠳᠡᠭᠰᠡᠨ ᠪᠠᠶᠢᠨ᠎ᠠ᠃ ᠮᠥᠨ ᠪᠠᠷᠤᠲ ᠮᠠᠷᠺ ᠬᠣᠲᠠ ᠶᠢᠨ ᠬᠢᠨ ᠲᠦᠩᠰᠢ ᠳᠦ ᠪᠡᠨ ᠲᠦᠷᠭᠡᠨ ᠲᠤᠰᠠᠯᠠᠮᠵᠢ ᠶᠢᠨ  ᠪᠣᠯᠤᠨ ᠭᠠᠯ ᠰᠥᠨᠥᠭᠡᠭᠴᠢ ᠠᠦ᠋ᠲ᠋ᠤ᠋ ᠮᠠᠰᠢᠨ ᠪᠡᠯᠡᠭᠯᠡᠵᠡᠢ᠃

ᠡᠨᠡᠬᠦ ᠬᠠᠮᠲᠤ ᠶᠢᠨ ᠠᠵᠢᠯᠯᠠᠭᠠᠨ ᠤ ᠬᠦᠷᠢᠶᠡᠨ ᠳᠦ ᠮᠥᠷᠡᠨ ᠬᠣᠲᠠ ᠶᠢᠨ ᠵᠠᠰᠠᠭ ᠳᠠᠷᠤᠭ᠎ᠠ ᠼ∙ᠭᠠᠩᠰᠦ᠋ᠬᠡ᠂ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠪ∙ᠨᠢᠮᠠᠳᠠᠸᠠ᠂ ᠵᠠᠰᠠᠭ ᠳᠠᠷᠤᠭ᠎ᠠ ᠶᠢᠨ ᠣᠷᠣᠯᠠᠭᠴᠢ ᠼ∙ᠪᠠᠲᠤᠳᠤᠭᠲᠤᠬᠤ ᠪᠣᠯᠤᠨ  ᠬᠤᠪᠢ ᠶᠢᠨ ᠬᠡᠪᠰᠢᠯ ᠦᠨ ᠨᠡᠶᠢᠲᠡ 12 ᠲᠥᠯᠥᠭᠡᠯᠡᠭᠴᠢ 2018 ᠣᠨ ᠤ 9 ᠳ᠋ᠤᠭᠡᠷ ᠰᠠᠷ᠎ᠠ ᠳᠤ ᠪᠠᠷᠤᠲ ᠮᠠᠷᠺ ᠬᠣᠲᠠ ᠳᠤ ᠠᠶᠢᠯᠴᠢᠯᠠᠯ᠎ᠠ᠃ ᠠᠶᠢᠯᠴᠢᠯᠠᠯ ᠤᠨ ᠦᠶ᠎ᠡ ᠪᠡᠷ ᠲᠡᠨᠳᠡᠬᠢ ᠬᠣᠭ ᠪᠣᠯᠪᠠᠰᠤᠷᠠᠭᠤᠯᠬᠤ ᠦᠢᠯᠡᠳᠪᠦᠷᠢ ᠶᠢᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠲᠤᠷᠰᠢᠯᠭ᠎ᠠ ᠰᠤᠳᠤᠯᠤᠭᠰᠠᠨ ᠪᠠᠶᠢᠨ᠎ᠠ᠃ ᠮᠥᠨ ᠲᠦᠩᠰᠢ ᠬᠣᠲᠠ ᠳᠤ ᠪᠠᠨ ᠮᠦᠷᠡᠨ ᠦ ᠭᠤᠳᠤᠮᠵᠢ ᠨᠡᠭᠡᠭᠡᠬᠦ ᠦᠢᠯᠡ ᠠᠵᠢᠯᠯᠠᠭᠠᠨ ᠳᠤ ᠣᠷᠣᠯᠴᠠᠯ᠎ᠠ᠃
ᠪᠠᠷᠤᠲ ᠮᠠᠷᠺ ᠬᠣᠲᠠ ᠰᠢᠨ᠎ᠡ ᠪᠡᠷ ᠣᠷᠣᠨ ᠰᠠᠭᠤᠴᠠᠨ ᠤ ᠪᠢᠴᠢᠯ ᠬᠣᠷᠢᠶᠠᠯᠠᠯ ᠪᠠᠶᠢᠭᠤᠯᠵᠤ ᠪᠠᠶᠢᠭ᠎ᠠ ᠪᠥᠭᠡᠳ ᠲᠡᠨᠳᠡ ᠪᠠᠶᠢᠷᠢᠯᠠᠬᠤ ᠰᠢᠨ᠎ᠡ ᠭᠤᠳᠤᠮᠵᠢ ᠶᠢ ᠮᠣᠩᠭᠣᠯ ᠲᠦᠩᠰᠢ ᠶᠢᠨ ᠢᠶᠡᠨ ᠨᠡᠷ᠎ᠡ ᠪᠡᠷ  ᠮᠦᠷᠡᠨ ᠭᠤᠳᠤᠮᠵᠢ ᠪᠤᠶᠤ Muruner Straße ᠭᠡᠵᠦ ᠨᠡᠷᠡᠯᠡᠬᠦ ᠪᠣᠯᠤᠭᠰᠠᠨ ᠪᠠᠶᠢᠨ᠎ᠠ᠃ ᠨᠡᠭᠡᠭᠡᠯᠲᠡ ᠶᠢᠨ ᠠᠷᠭ᠎ᠠ ᠬᠡᠮᠵᠢᠶ᠎ᠡ 2018 ᠣᠨ ᠤ 9 ᠳ᠋ᠤᠭᠡᠷ ᠰᠠᠷ᠎ᠠ ᠶᠢᠨ 7 ᠍ ᠳᠦ ᠪᠣᠯᠵᠤ᠂ ᠪᠠᠷᠤᠲ ᠮᠠᠷᠺ ᠬᠣᠲᠠ  ᠶᠢᠨ ᠣᠷᠣᠰᠢᠨ ᠰᠠᠭᠤᠭᠴᠢᠳ᠂ ᠮᠣᠩᠭᠣᠯ ᠤᠯᠤᠰ ᠠᠴᠠ  ᠭᠸᠷᠮᠠᠡ ᠍ ᠳᠦ ᠰᠠᠭᠤᠭ᠎ᠠ ᠡᠯᠴᠢᠨ ᠰᠠᠶᠢᠳ ᠳ∙ᠭᠠᠩᠪᠠᠲᠤ ᠲᠡᠷᠢᠭᠦᠲᠡᠢ ᠡᠯᠴᠢᠨ ᠰᠠᠶᠢᠳ ᠤᠨ   ᠶᠠᠮᠤᠨ ᠤ ᠲᠥᠯᠥᠭᠡᠯᠡᠯ᠂ ᠪᠤᠰᠤᠳ ᠵᠣᠴᠢᠳ ᠣᠷᠣᠯᠴᠠᠯ᠎ᠠ᠃ ᠮᠥᠨ ᠭᠸᠷᠮᠠᠡ ᠪᠣᠯᠤᠨ  ᠴᠸᠺ  ᠤᠯᠤᠰ ᠲᠤ ᠰᠠᠭᠤᠭ᠎ᠠ  ︽ᠮᠥᠷᠡᠨ ᠦ ᠬᠢᠨ︾ ᠡᠨᠡᠬᠦ ᠪᠠᠶᠠᠷᠲᠤ ᠮᠥᠴᠡ ᠶᠢ ᠬᠠᠮᠲᠤ ᠲᠡᠮᠳᠡᠭᠯᠡᠬᠦ ᠪᠡᠷ ᠵᠣᠷᠢᠨ ᠢᠷᠡᠵᠡᠢ᠃ ᠨᠡᠭᠡᠭᠡᠯᠲᠡ ᠶᠢᠨ ᠦᠶ᠎ᠡ ᠪᠡᠷ ᠮᠥᠷᠡᠨ ᠬᠣᠲᠠ ᠠᠴᠠ ᠢᠷᠡᠭᠰᠡᠨ  ᠲᠥᠯᠥᠭᠡᠯᠡᠭᠴᠢᠳ ᠪᠠᠷᠤᠲ ᠮᠠᠷᠺ ᠬᠣᠲᠠ ᠳᠦ ᠪᠡᠯᠡᠭᠯᠡᠭᠰᠡᠨ ᠮᠣᠩᠭᠣᠯ ᠭᠡᠷ ᠲᠦ ᠪᠡᠨ ᠬᠥᠪᠰᠥᠭᠥᠯ ᠠᠶᠢᠮᠠᠭ ᠤᠨ ᠬᠦᠨᠡᠰᠦᠨ ᠦ ᠦᠢᠯᠡᠳᠪᠦᠷᠢᠯᠡᠯ ᠦᠨ ᠳᠡᠭᠡᠵᠢ ᠪᠡᠷ ᠰᠢᠷᠡᠭᠡ ᠵᠠᠰᠠᠵᠦ᠂ ᠲᠦᠩᠰᠢ ᠬᠣᠲᠠ ᠶᠢᠨ ᠣᠷᠣᠰᠢᠨ ᠰᠠᠭᠤᠭᠴᠢᠳ ᠢᠶᠠᠨ ᠳᠠᠶᠢᠯᠠᠯ᠎ᠠ᠃

ᠰᠡᠳᠬᠢᠭᠳᠡᠯ ᠦᠯᠡᠳᠡᠭᠡᠬᠦ