ᠹᠣᠷᠮᠤᠯ-1 ᠤᠯᠠᠷᠢᠯ ᠤᠨ ᠡᠬᠢᠨ ᠦ ᠬᠠᠭᠠᠰ ᠲᠤ | News.MN

ᠹᠣᠷᠮᠤᠯ-1 ᠤᠯᠠᠷᠢᠯ ᠤᠨ ᠡᠬᠢᠨ ᠦ ᠬᠠᠭᠠᠰ ᠲᠤ

ᠠᠦ᠋ᠲ᠋ᠣ᠋ ᠰᠫᠣᠷᠲ ᠤᠨ ᠬᠤᠷᠳᠤ ᠬᠦᠴᠦᠨ ᠦ ᠭᠠᠶᠢᠬᠠᠮᠰᠢᠭ ᠪᠣᠯᠤᠭᠰᠠᠨ ᠬᠠᠮᠤᠭ ᠤᠨ ᠰᠡᠳᠬᠢᠯ ᠲᠠᠲᠠᠮ᠎ᠠ᠂ ᠦᠵᠡᠭᠦᠰᠢᠲᠡᠢ ᠹᠣᠷᠮᠤᠯ-1 ᠤᠷᠤᠯᠳᠤᠭᠠᠨ ᠤ 2018 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠬᠢᠨ ᠦ ᠬᠠᠭᠠᠰ ᠥᠨᠳᠥᠷᠯᠡᠭᠰᠡᠨ᠃ ᠥᠩᠭᠡᠷᠡᠭᠰᠡᠨ ᠭᠤᠷᠪᠠᠳᠤᠭᠠᠷ ᠰᠠᠷ᠎ᠠ ᠳᠤ ᠠᠦᠢᠰᠲᠷᠠᠯᠢᠶ᠎ᠠ ᠶᠢᠨ ᠭᠠᠷᠨᠫᠷᠢ ᠪᠡᠷ ᠡᠬᠢᠯᠡᠵᠦ ᠪᠠᠶᠢᠭᠰᠠᠨ ᠹᠣᠷᠮᠤᠯ-1 ᠤᠷᠤᠯᠳᠤᠭᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠩᠭᠡᠷᠡᠭᠰᠡᠨ ᠳᠣᠯᠣᠳᠤᠭᠠᠷ ᠰᠠᠷ᠎ᠠ ᠶᠢᠨ 29 ᠍ ᠳᠦ ᠤᠩᠭᠠᠷᠢ ᠶᠢᠨ ᠭᠠᠷᠨᠫᠷᠢᠭ ᠤᠨ ᠳᠠᠷᠠᠭ᠎ᠠ ᠵᠤᠨ ᠤ ᠵᠠᠪᠰᠠᠷᠯᠠᠭ᠎ᠠ ᠶᠢ ᠪᠠᠨ ᠠᠪᠴᠤ ᠪᠠᠭ ᠤᠳ ᠡᠬᠢᠨ ᠦ ᠬᠠᠭᠠᠰ ᠤᠨ ᠦᠷ᠎ᠡ ᠳᠦᠩᠭᠡ ᠪᠡᠨ ᠲᠠᠶᠢᠯᠤᠩᠨᠠᠵᠤ᠂ ᠠᠯᠳᠠᠭ᠎ᠠ ᠣᠨᠣᠭ᠎ᠠ ᠪᠠᠨ ᠳᠡᠩᠰᠡᠯᠡᠵᠦ ᠪᠠᠶᠢᠭ᠎ᠠ ᠪᠣᠯ ᠨᠢᠰᠬᠡᠭᠴᠢᠳ ᠠᠮᠠᠷᠠᠯᠲᠠ ᠪᠠᠨ ᠠᠪᠤᠭᠠᠳ ᠪᠠᠶᠢᠭ᠎ᠠ ᠪᠢᠯᠡ᠃ ᠡᠨᠡ ᠵᠢᠯ ᠦᠨ ᠳᠡᠯᠡᠬᠡᠢ ᠶᠢᠨ ᠠᠪᠤᠷᠭᠤ ᠨᠡᠶᠢᠲᠡ 21 ᠭᠠᠷᠠᠭᠠᠨ ᠳᠤ ᠵᠣᠬᠢᠶᠠᠭᠳᠠᠬᠤ ᠪᠥᠭᠡᠳ ᠤᠯᠠᠷᠢᠯ ᠤᠨ II ᠬᠠᠭᠠᠰ ᠡᠨᠡ ᠰᠠᠷ᠎ᠠ ᠶᠢᠨ 26 ᠍ ᠳᠦ ᠪᠧᠯ ᠶᠢᠨ ᠰᠫᠠ ᠲᠣᠭᠣᠷᠢᠭᠤᠯᠭ᠎ᠠ ᠳᠤ ᠡᠬᠢᠯᠡᠬᠦ ᠪᠣᠯ 11 ᠰᠠᠷ᠎ᠠ ᠶᠢᠨ 25 ᠍ ᠳᠦ ᠠᠷᠠᠪ ᠤᠨ ᠨᠢᠭᠡᠳᠦᠭᠰᠡᠨ ᠡᠮᠢᠷᠲ ᠤᠯᠤᠰ ᠤᠨ ᠠᠪᠤ-ᠳᠠᠪᠢ ᠳᠠᠬᠢ ᠶᠠᠰᠤ ᠮᠠᠷᠢᠨ᠎ᠠ ᠠᠦ᠋ᠲ᠋ᠣ᠋ ᠲᠣᠭᠣᠷᠢᠭᠤᠯᠭ᠎ᠠ ᠳᠠᠬᠢ ᠤᠷᠤᠯᠳᠤᠭᠠᠨ ᠢᠶᠠᠷ ᠥᠨᠳᠥᠷᠯᠡᠨ᠎ᠡ᠃ ᠤᠯᠠᠷᠢᠯ ᠤᠨ ᠡᠬᠢᠨ ᠦ ᠬᠠᠭᠠᠰ ᠥᠨᠳᠥᠷᠯᠡᠬᠦ ᠳᠦ ᠪᠦᠬᠦ ᠪᠠᠭ ᠤᠳ ᠶᠠᠮᠠᠷ ᠨᠢᠭᠡᠨ ᠪᠠᠶᠢᠳᠠᠯ ᠢᠶᠠᠷ ᠣᠨᠣᠭ᠎ᠠ ᠠᠪᠤᠭᠰᠠᠨ ᠪᠠᠶᠢᠭ᠎ᠠ ᠪᠣᠯ ᠨᠢᠰᠬᠡᠭᠴᠢᠳ ᠡᠴᠡ ᠶᠡᠷᠦ ᠳᠡᠭᠡᠨ ᠭᠠᠭᠴᠠᠬᠠᠨ ᠬᠦᠮᠦᠨ ᠣᠨᠣᠭ᠎ᠠ ᠠᠪᠴᠤ ᠴᠢᠳᠠᠭ᠎ᠠ ᠦᠭᠡᠢ ᠪᠠᠶᠢᠭ᠎ᠠ ᠨᠢ ᠡᠨᠡ ᠵᠢᠯ ᠳᠤᠮᠳᠠᠴᠢ ᠪᠠᠭ ᠤᠳ ᠶᠠᠮᠠᠷ ᠥᠷᠢᠰᠦᠯᠳᠦᠭᠡᠨ ᠲᠡᠢ ᠪᠠᠶᠢᠭ᠎ᠠ ᠶᠢ ᠬᠠᠷᠠᠭᠤᠯᠵᠤ ᠪᠠᠶᠢᠨ᠎ᠠ᠃ ᠯᠠᠪ ᠯᠠ ᠰᠡᠭᠦᠯ ᠦᠨ 2-3 ᠵᠢᠯ ᠤᠯᠠᠷᠢᠯ ᠤᠨ ᠳᠤᠮᠳᠠ ᠣᠨᠣᠭ᠎ᠠ ᠠᠪᠴᠤ ᠴᠢᠳᠠᠭ᠎ᠠ ᠦᠭᠡᠢ ᠪᠠᠭ ᠤᠳ ᠪᠠᠶᠢᠭᠰᠠᠨ᠃ ᠢᠩᠭᠢᠭᠡᠳ ᠤᠯᠠᠷᠢᠯ ᠤᠨ ᠡᠬᠢᠨ ᠦ ᠬᠠᠭᠠᠰ ᠤᠨ ᠳᠠᠷᠠᠭᠠᠬᠢ ᠪᠠᠶᠢᠳᠠᠯ ᠢᠶᠠᠷ ᠪᠠᠭ ᠤᠳ ᠤᠨ ᠨᠢᠰᠬᠡᠭᠴᠢᠳ ᠦᠨ ᠦᠵᠡᠭᠦᠯᠦᠯᠲᠡ ᠲᠡᠢ ᠲᠠᠨᠢᠯᠴᠠᠶ᠎ᠠ᠃

ᠰᠡᠳᠬᠢᠭᠳᠡᠯ ᠦᠯᠡᠳᠡᠭᠡᠬᠦ