ᠴ∙ᠬᠦᠷᠡᠯᠪᠠᠭᠠᠲᠤᠷ᠄ ᠣᠨ ᠠᠴᠠ ᠡᠮᠦᠨ᠎ᠡ ᠴᠠᠯᠢᠩ ᠨᠡᠮᠡᠬᠦ ᠪᠣᠯᠤᠮᠵᠢ ᠦᠭᠡᠢ | News.MN

ᠴ∙ᠬᠦᠷᠡᠯᠪᠠᠭᠠᠲᠤᠷ᠄ ᠣᠨ ᠠᠴᠠ ᠡᠮᠦᠨ᠎ᠡ ᠴᠠᠯᠢᠩ ᠨᠡᠮᠡᠬᠦ ᠪᠣᠯᠤᠮᠵᠢ ᠦᠭᠡᠢ

ᠵᠠᠰᠠᠭ ᠤᠨ ᠭᠠᠵᠠᠷ ᠡᠭᠡᠯᠵᠢᠲᠦ ᠪᠤᠰᠤ ᠪᠠᠷ ᠬᠤᠷᠠᠯᠳᠤᠵᠤ ᠂ ᠪᠠᠭᠰᠢ ᠨᠠᠷ ᠤᠨ ᠴᠠᠯᠢᠩ ᠢ ᠨᠡᠮᠡᠭᠳᠡᠭᠦᠯᠬᠦ ᠠᠰᠠᠭᠤᠳᠠᠯ ᠢ ᠬᠡᠯᠡᠯᠴᠡᠵᠦ ᠪᠤᠢ ᠮᠡᠳᠡᠭᠡᠯᠡᠯ ᠢ ᠡᠬᠢ ᠰᠤᠷᠪᠤᠯᠵᠢ ᠥᠭᠭᠦᠭᠰᠡᠨ᠃ ᠡᠨᠡ ᠳᠠᠭᠠᠤ ᠰᠠᠩ ᠤᠨ ᠰᠠᠶᠢᠳ ᠴ∙ᠬᠦᠷᠡᠯᠪᠠᠭᠠᠲᠤᠷ ᠠᠴᠠ ᠳᠠᠷᠠᠭᠠᠬᠢ ᠲᠣᠳᠣᠷᠠᠭᠤᠯᠭ᠎ᠠ ᠶᠢ ᠠᠪᠤᠯ᠎ᠠ᠃
– ᠵᠠᠰᠠᠭ ᠤᠨ ᠭᠠᠵᠠᠷ ᠤᠨ ᠡᠭᠡᠯᠵᠢᠲᠦ ᠪᠤᠰᠤ ᠬᠤᠷᠠᠯ ᠳᠡᠭᠡᠷ᠎ᠡ ᠪᠠᠭᠰᠢ ᠨᠠᠷ ᠤᠨ ᠴᠠᠯᠢᠩ ᠤᠨ ᠨᠡᠮᠡᠭᠳᠡᠯ ᠦᠨ ᠲᠠᠯ᠎ᠠ ᠪᠠᠷ ᠶᠠᠷᠢᠯᠴᠠᠭᠰᠠᠨ᠃ ᠬᠡᠴᠢᠨᠡᠨ ᠲᠡᠷᠪᠤᠮ ᠲᠥᠭᠥᠷᠢᠭ ᠲᠥᠰᠦᠪᠯᠡᠭᠳᠡᠵᠦ ᠪᠠᠶᠢᠭ᠎ᠠ ᠪᠤᠢ ︖
– ᠶᠠᠭ ᠣᠳᠣ ᠶᠠᠷᠢᠭᠳᠠᠵᠤ ᠪᠤᠢ ᠠᠰᠠᠭᠤᠳᠠᠯ᠂ ᠡᠴᠦᠰᠯᠡᠭᠰᠡᠨ ᠦ ᠬᠢᠨᠢ ᠳᠠᠷᠠᠭ᠎ᠠ ᠶᠠᠷᠢᠭᠰᠠᠨ ᠨᠢ ᠳᠡᠭᠡᠷ᠎ᠡ ᠪᠣᠯᠪᠠ ᠤᠤ᠃
– ᠡᠨᠡ ᠣᠨ ᠳᠤ ᠪᠠᠭᠰᠢ ᠨᠠᠷ ᠤᠨ ᠴᠠᠯᠢᠩ ᠢ ᠨᠡᠮᠡᠬᠦ ᠦᠭᠡᠢ ᠭᠡᠰᠡᠨ ᠵᠠᠰᠠᠭ ᠤᠨ ᠭᠠᠵᠠᠷ ᠤᠨ ᠪᠠᠶᠢᠷᠢ ᠰᠠᠭᠤᠷᠢ ᠬᠡᠪ ᠢᠶᠡᠷ ᠢᠶᠡᠨ ᠪᠠᠶᠢᠭ᠎ᠠ ᠤᠤ ︖
– ᠵᠠᠰᠠᠭ ᠤᠨ ᠭᠠᠵᠠᠷ ᠠᠴᠠ ᠪᠠᠭᠰᠢ ᠨᠠᠷ ᠤᠨ ᠴᠠᠯᠢᠩ ᠢ ᠨᠡᠮᠡᠬᠦ ᠠᠰᠠᠭᠤᠳᠠᠯ ᠢ ᠳᠡᠮᠵᠢᠭᠰᠡᠨ᠃ 2018 ᠣᠨ ᠤ ᠲᠥᠰᠥᠪ ᠲᠦ ᠲᠣᠳᠣᠳᠬᠠᠯ ᠬᠢᠬᠦ ᠦᠭᠡᠢ᠃ ᠶᠠᠭᠠᠬᠢᠭᠠᠳ ᠭᠡᠬᠦ ᠪᠡᠷ ᠲᠥᠰᠥᠪ ᠢ ᠲᠣᠳᠣᠳᠬᠠᠬᠤ ᠶᠢᠨ ᠲᠤᠯᠠᠳᠠ ᠬᠠᠤᠯᠢ ᠶᠢᠨ ᠲᠣᠳᠣᠷᠬᠠᠢ ᠱᠠᠭᠠᠷᠳᠠᠯᠭ᠎ᠠ ᠨᠤᠭᠤᠳ ᠢ ᠬᠠᠩᠭᠠᠳᠠᠭ᠃ ᠤᠯᠤᠰ ᠤᠨ ᠲᠥᠰᠥᠪ ᠦᠨ ᠣᠷᠣᠯᠭ᠎ᠠ ᠨᠡᠮᠡᠭᠳᠡᠵᠦ ᠪᠠᠶᠢᠭ᠎ᠠ ᠦᠶ᠎ᠡ ᠳᠦ ᠲᠥᠰᠥᠪ ᠦᠨ ᠲᠣᠳᠣᠳᠬᠠᠯ ᠬᠢᠭᠳᠡᠳᠡᠭ ᠦᠭᠡᠢ᠃ ᠤᠯᠤᠰ ᠤᠨ ᠲᠥᠰᠥᠪ ᠦᠨ ᠣᠷᠣᠯᠭ᠎ᠠ ᠪᠠᠭᠤᠵᠤ ᠪᠠᠶᠢᠪᠠᠯ ᠲᠥᠰᠥᠪ ᠢᠶᠡᠨ ᠲᠣᠳᠣᠳᠬᠠᠳᠠᠭ᠃ ᠢᠩᠭᠢᠬᠦ ᠦᠭᠡᠢ ᠪᠣᠯ ᠣᠷᠣᠯᠭ᠎ᠠ ᠵᠠᠷᠤᠯᠭ᠎ᠠ ᠶᠢᠨ ᠵᠦᠷᠢᠶ᠎ᠡ ᠭᠠᠷᠴᠤ᠂ ᠲᠡᠷᠡ ᠬᠡᠮᠵᠢᠶ᠎ᠡ ᠪᠡᠷ ᠤᠯᠤᠰ ᠤᠨ ᠥᠷᠢ ᠨᠡᠮᠡᠭᠳᠡᠳᠡᠭ᠃ ᠡᠶᠢᠮᠦ ᠤᠴᠢᠷ ᠠᠴᠠ ᠵᠠᠶᠢᠯᠠᠰᠢ ᠦᠭᠡᠢ ᠲᠣᠳᠣᠳᠬᠠᠯ ᠬᠢᠵᠦ ᠵᠠᠷᠤᠳᠠᠯ ᠢ ᠬᠠᠰᠤᠳᠠᠭ ᠬᠠᠤᠯᠢ ᠡᠷᠬᠡ ᠵᠦᠢ ᠶᠢᠨ ᠣᠷᠴᠢᠨ ᠲᠠᠢ᠃
– ᠪᠠᠭᠰᠢ ᠨᠠᠷ ᠤᠨ ᠠᠵᠢᠯ ᠬᠠᠶᠠᠯᠲᠠ ᠦᠷᠭᠦᠯᠵᠢᠯᠡᠭᠰᠡᠭᠡᠷ ᠪᠠᠶᠢᠪᠠᠯ ᠶᠠᠭᠠᠬᠢᠬᠤ ᠪᠤᠢ ︖
– ᠪᠠᠭᠰᠢ ᠨᠠᠷ ᠤᠨ ᠴᠠᠯᠢᠩ ᠢ ᠶᠢᠰᠦᠳᠦᠭᠡᠷ ᠰᠠᠷ᠎ᠠ ᠶᠢᠨ 1 ‍ᠣ ᠡᠳᠦᠷ ᠡᠴᠡ ᠨᠡᠮᠡᠭᠰᠡᠨ᠃ 2019 ᠣᠨ ᠠᠴᠠ ᠳᠠᠬᠢᠨ ᠢᠨᠹᠯᠢᠶᠠᠼ ᠤᠨ ᠲᠦᠪᠰᠢᠨ ᠲᠡᠢ ᠤᠶᠠᠯᠳᠤᠭᠤᠯᠤᠨ ᠨᠡᠮᠡᠨ᠎ᠡ ᠭᠡᠳᠡᠭ ᠢᠶᠡᠨ ᠤᠳᠠᠭ᠎ᠠ ᠳᠠᠷᠠᠭ᠎ᠠ ᠮᠡᠳᠡᠭᠳᠡᠵᠦ ᠪᠠᠶᠢᠭ᠎ᠠ᠃
ᠵ ᠂ ᠮᠢᠳᠤᠭᠪᠠᠳᠮ᠎ᠠ

ᠰᠡᠳᠬᠢᠭᠳᠡᠯ ᠦᠯᠡᠳᠡᠭᠡᠬᠦ