ᠭᠠᠷ ᠤᠲᠠᠰᠤᠨ ᠤ ᠴᠸᠨᠵ ᠶᠠᠯ᠎ᠠ ᠰᠣᠨᠣᠰᠤᠯ᠎ᠠ | News.MN

ᠭᠠᠷ ᠤᠲᠠᠰᠤᠨ ᠤ ᠴᠸᠨᠵ ᠶᠠᠯ᠎ᠠ ᠰᠣᠨᠣᠰᠤᠯ᠎ᠠ

ᠨᠡᠶᠢᠰᠯᠡᠯ ᠦᠨ ᠴᠠᠭᠳᠠᠭ᠎ᠠ ᠶᠢᠨ ᠭᠠᠵᠠᠷ ᠤᠨ ᠮᠥᠷᠳᠡᠨ ᠰᠢᠯᠭᠠᠬᠤ ᠭᠠᠵᠠᠷ ᠤᠨ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ ᠲᠡᠢ ᠲᠡᠮᠡᠴᠡᠬᠦ ᠬᠡᠯᠲᠡᠰ ᠦᠨ ᠠᠯᠪᠠ ᠬᠠᠭᠠᠭᠴᠢᠳ ᠦᠭᠰᠡᠨ ᠲᠣᠬᠢᠷᠠᠵᠤ᠂ ᠪᠦᠯᠦᠭ ᠵᠣᠬᠢᠶᠠᠨ ᠪᠠᠶᠢᠭᠤᠯᠤᠯᠲᠠ ᠲᠠᠢ ᠪᠠᠷ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ ᠦᠢᠯᠡᠳᠳᠡᠭ ᠡᠲᠡᠭᠡᠳ ᠦᠳ᠂ ᠲᠡᠳᠡᠨ ᠦ ᠬᠤᠯᠠᠭᠠᠶᠢᠯᠠᠭᠰᠠᠨ ᠡᠳ᠋ ᠵᠦᠢᠯ ᠢ ᠬᠤᠳᠠᠯᠳᠤᠨ ᠠᠪᠴᠤ ᠪᠣᠷᠣᠯᠠᠭᠤᠯᠳᠠᠭ ᠴᠸᠨᠵ ᠦᠨ ᠦᠢᠯᠡᠳᠦᠯ ᠢ ᠢᠯᠡᠷᠡᠭᠦᠯᠦᠨ ᠰᠢᠯᠭᠠᠵᠠᠢ᠃ ᠤᠯᠠᠮ ᠢᠶᠠᠷ ᠰᠡᠵᠢᠭ ᠲᠡᠢ ᠡᠲᠡᠭᠡᠳ ᠦᠳ ᠢ ᠶᠠᠯᠠᠯᠠᠭᠳᠠᠭᠴᠢ ᠪᠠᠷ ᠲᠠᠲᠠᠨ ᠰᠣᠩᠭᠢᠨ᠎ᠠ  ᠳᠡᠭᠦᠷᠭᠡ ᠶᠢᠨ ᠰᠢᠭᠦᠬᠦ ᠳᠦ ᠰᠢᠯᠵᠢᠭᠦᠯᠬᠦ ᠰᠠᠨᠠᠯ ᠲᠠᠢ ᠪᠠᠷ ᠬᠠᠷᠢᠶᠠᠯᠠᠬᠤ ᠫᠷᠦ᠋ᠺᠤᠷᠤᠷ ᠤᠨ ᠭᠠᠵᠠᠷ ᠲᠤ ᠡᠨᠡ ᠣᠨ ᠤ ᠲᠠᠪᠤᠳᠤᠭᠠᠷ ᠰᠠᠷ᠎ᠠ ᠳᠤ ᠬᠦᠷᠭᠡᠭᠦᠯᠦᠭᠰᠡᠨ ᠪᠠᠶᠢᠨ᠎ᠠ᠃
ᠤᠭ ᠬᠡᠷᠡᠭ ᠢ ᠥᠩᠭᠡᠷᠡᠭᠴᠢ ᠨᠠᠢᠮᠠᠳᠤᠭᠠᠷ ᠰᠠᠷ᠎ᠠ ᠶᠢᠨ ᠰᠡᠭᠦᠯᠴᠢ ᠪᠡᠷ ᠰᠣᠩᠭᠢᠨ᠎ᠠ ᠬᠠᠶᠢᠷᠬᠠᠨ ᠳᠡᠭᠦᠷᠭᠡ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ  ᠬᠡᠯᠡᠯᠴᠡᠭᠡᠳ ᠡᠷᠡᠭᠦᠦ ᠶᠢᠨ ᠬᠠᠤᠯᠢ ᠶᠢᠨ ᠲᠤᠰᠬᠠᠢ ᠠᠩᠬᠢ ᠶᠢᠨ 17.1 ᠍ ᠦᠨ 3.2 ᠳᠠᠬᠢ ᠬᠡᠰᠡᠭ ᠲᠦ ᠵᠢᠭᠠᠭᠰᠠᠨ ᠢᠶᠠᠷ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ ᠢ ᠦᠭᠰᠡᠨ ᠲᠣᠬᠢᠷᠠᠵᠤ ᠪᠦᠯᠦᠭ ᠵᠣᠬᠢᠶᠠᠨ ᠪᠠᠶᠢᠭᠤᠯᠤᠯᠲᠠ ᠲᠠᠢ ᠪᠠᠷ ᠦᠢᠯᠡᠳᠦᠭᠰᠡᠨ ᠨᠢ ᠲᠣᠭᠲᠠᠭᠠᠭᠳᠠᠭᠰᠠᠨ ᠢᠷᠭᠡᠳ ᠲᠦ ᠶᠠᠯ᠎ᠠ ᠣᠨᠣᠭᠠᠭᠰᠠᠨ ᠠᠵᠠᠢ᠃ ᠲᠣᠳᠣᠷᠠᠭᠤᠯᠪᠠᠯ᠂ 28 ᠨᠠᠰᠤᠲᠠᠢ A ᠢ 3.2 ᠵᠢᠯ᠂ 33 ᠨᠠᠰᠤᠲᠠᠢ D  ᠢ 4.6 ᠵᠢᠯ᠂ 23 ᠨᠠᠰᠤᠲᠠᠢ D ᠢ 1.2 ᠵᠢᠯ ᠬᠤᠷᠢᠬᠤ ᠶᠠᠯ᠎ᠠ ᠡᠳ᠋ᠯᠡᠭᠦᠯᠬᠦ ᠪᠡᠷ ᠰᠢᠢᠳᠪᠦᠷᠢᠯᠡᠭᠰᠡᠨ ᠪᠠᠶᠢᠨ᠎ᠠ᠃ ᠭᠠᠷ ᠤᠲᠠᠰᠤᠨ ᠤ ᠴᠸᠨᠵ  ᠢ ᠡᠷᠡᠭᠦᠦ ᠶᠢᠨ ᠬᠠᠤᠯᠢ ᠶᠢᠨ ᠲᠤᠰᠬᠠᠢ ᠠᠩᠬᠢ ᠶᠢᠨ 18.6 ᠍ ᠶᠢᠨ ᠨᠢᠭᠡᠳᠡᠬᠢ ᠬᠡᠰᠡᠭ ︵ᠮᠥᠩᠭᠥ ᠤᠬᠢᠶᠠᠬᠤ︶᠍  ᠲᠤ ᠵᠢᠭᠠᠭᠰᠠᠨ ᠤ ᠳᠠᠭᠠᠤ ᠬᠤᠯᠠᠭᠠᠢ ᠶᠢᠨ ᠡᠳ᠋ ᠵᠦᠢᠯ ᠭᠡᠳᠡᠭ ᠢ ᠮᠡᠳᠡᠭᠰᠡᠭᠡᠷ ᠪᠠᠶᠢᠵᠤ ᠠᠰᠢᠭ ᠤᠯᠬᠤ ᠵᠣᠷᠢᠯᠭ᠎ᠠ ᠪᠠᠷ ᠬᠤᠳᠠᠯᠳᠤᠨ ᠠᠪᠴᠤ᠂ ᠪᠣᠷᠣᠯᠠᠭᠤᠯᠤᠭᠰᠠᠨ᠂ ᠬᠠᠤᠯᠢ ᠪᠤᠰᠤ ᠡᠬᠢ ᠡᠭᠦᠰᠪᠦᠷᠢ ᠶᠢ ᠨᠢᠭᠤᠨ ᠳᠠᠯᠳᠠᠯᠠᠭᠰᠠᠨ ᠪᠤᠷᠤᠭᠤᠲᠠᠢ ᠳᠤ ᠲᠣᠭᠠᠴᠠᠨ 6 ᠰᠠᠷ᠎ᠠ ᠪᠠᠷᠢᠪᠴᠢᠯᠠᠬᠤ ᠶᠠᠯ᠎ᠠ ᠪᠠᠷ ᠰᠢᠢᠳᠭᠡᠵᠡᠢ᠃ ᠮᠥᠨ ᠬᠠᠯᠠᠭᠠᠰᠤᠨ ᠤ ᠬᠤᠯᠠᠭᠠᠶᠢᠯᠠᠬᠤ ᠭᠡᠮᠲᠦ ᠬᠡᠷᠡᠭ ᠲᠡᠢ ᠲᠡᠮᠡᠴᠡᠬᠦ ᠬᠡᠯᠲᠡᠰ ᠦᠨ ᠠᠯᠪᠠ ᠬᠠᠭᠠᠭᠴᠢᠳ ᠬᠠᠯᠠᠭᠠᠰᠤᠨ ᠤ ᠬᠤᠯᠠᠭᠠᠢ ᠶᠢᠨ ᠭᠡᠮᠲᠦ ᠬᠡᠷᠡᠭ ᠦᠢᠯᠡᠳᠳᠡᠭ ᠲᠦᠷᠦᠭᠰᠡᠨ ᠠᠬ᠎ᠠ ᠳᠡᠭᠦᠦ ᠨᠠᠷ ᠪᠣᠯᠤᠨ ᠲᠡᠳᠡᠨ ᠦ ᠬᠤᠯᠠᠭᠠᠢ ᠶᠢᠨ ᠵᠠᠮ ᠢᠶᠠᠷ ᠣᠯᠵᠤ ᠠᠪᠤᠭᠰᠠᠨ ᠡᠳ᠋ ᠵᠦᠢᠯ ᠢ ᠵᠠᠷᠤᠵᠤ ᠪᠣᠷᠣᠯᠠᠭᠤᠯᠳᠠᠭ ᠴᠸᠨᠵ ᠤᠳ ᠤᠨ ᠦᠢᠯᠡᠳᠦᠯ ᠢ ᠪᠠᠷᠢᠮᠲᠠᠵᠢᠭᠤᠯᠤᠨ ᠰᠢᠯᠭᠠᠵᠤ ᠪᠠᠶᠢᠭ᠎ᠠ ᠶᠤᠮ᠃
ᠫ ᠂ ᠤᠷᠠᠨ᠎ᠠ

ᠰᠡᠳᠬᠢᠭᠳᠡᠯ ᠦᠯᠡᠳᠡᠭᠡᠬᠦ