ᠶᠠᠫᠣᠨᠴᠤᠳ ᠲᠤᠰᠠᠯᠠᠮᠵᠢ ᠶᠢᠨ ᠭᠠᠷ ᠢᠶᠠᠨ ᠰᠤᠩᠭᠠᠯ᠎ᠠ | News.MN

ᠶᠠᠫᠣᠨᠴᠤᠳ ᠲᠤᠰᠠᠯᠠᠮᠵᠢ ᠶᠢᠨ ᠭᠠᠷ ᠢᠶᠠᠨ ᠰᠤᠩᠭᠠᠯ᠎ᠠ

ᠥᠨᠥᠳᠥᠷ ᠶᠠᠫᠣᠨ ᠮᠣᠩᠭᠣᠯ ᠤᠨ ᠰᠤᠶᠤᠯ ᠤᠨ ᠲᠥᠪ ᠲᠦ ᠶᠠᠫᠣᠨ ᠤ ᠲᠠᠺᠠᠷᠠᠵᠢᠮᠠ ᠵᠠᠫᠠᠨ ᠺᠣᠮᠫᠠᠨᠢ ᠲᠠᠷᠢᠬᠢᠨ ᠤ ᠬᠣᠣᠷᠲᠤ ᠬᠠᠪᠤᠳᠠᠷ ᠲᠠᠢ ᠬᠡᠦᠬᠡᠳ ᠦᠳ ᠲᠦ ᠵᠣᠷᠢᠭᠤᠯᠵᠤ ᠬᠠᠨᠳᠢᠪ ᠤᠨ ᠠᠵᠢᠯ ᠵᠣᠬᠢᠶᠠᠨ ᠪᠠᠶᠢᠭᠤᠯᠵᠠᠢ᠃ ᠲᠤᠰ ᠺᠣᠮᠫᠠᠨᠢ ᠨᠢ 2012 ᠣᠨ ᠳᠤ ᠪᠠᠶᠢᠭᠤᠯᠤᠭᠳᠠᠵᠤ ᠂ ᠮᠣᠩᠭᠣᠯ ᠳᠤ ᠦᠢᠯᠡᠳᠪᠦᠷᠢᠯᠡᠭᠳᠡᠵᠦ ᠪᠠᠶᠢᠭ᠎ᠠ ᠨᠣᠣᠰᠣ ᠨᠤᠯᠤᠤᠷ ᠤᠨ ᠪᠦᠲᠦᠭᠡᠭᠳᠡᠬᠦᠨ ᠢ ᠶᠠᠫᠣᠨ ᠤ ᠵᠠᠬ᠎ᠠ ᠵᠡᠭᠡᠯᠢ ᠳᠦ ᠪᠣᠷᠣᠯᠠᠭᠤᠯᠳᠠᠭ ᠪᠠᠶᠢᠨ᠎ᠠ᠃ ᠮᠥᠨ ᠮᠣᠩᠭᠣᠯ ᠳᠤ ᠲᠠᠷᠢᠭᠰᠠᠨ ᠴᠢᠴᠠᠷᠭᠠᠨ᠎ᠠ ᠶᠢᠨ ᠲᠦᠭᠦᠬᠡᠢ ᠡᠳ᠋ ᠍ ᠢ ᠶᠠᠫᠣᠨ ᠳᠤ ᠪᠣᠯᠪᠠᠰᠤᠷᠠᠭᠤᠯᠵᠤ ᠤᠮᠳᠠᠭ᠎ᠠ᠂ ᠲᠤᠰᠤ᠂ ᠭᠣᠸ᠎ᠠ ᠰᠠᠶᠢᠬᠠᠨ ᠤ  ᠪᠦᠲᠦᠭᠡᠭᠳᠡᠬᠦᠨ ᠦᠢᠯᠡᠳᠪᠦᠷᠢᠯᠡᠳᠡᠭ  ᠠᠵᠠᠢ᠃

ᠲᠠᠺᠠᠷᠠᠵᠢᠮᠠ ᠵᠠᠫᠠᠨ ᠺᠣᠮᠫᠠᠨᠢ ᠨᠢ ᠨᠡᠶᠢᠭᠡᠮ ᠤᠨ ᠬᠠᠷᠢᠭᠤᠴᠠᠯᠭ᠎ᠠ ᠶᠢᠨ ᠡᠭᠦᠳᠡᠨ ᠡᠴᠡ 2017 ᠣᠨ ᠠᠴᠠ ᠡᠬᠢᠯᠡᠨ ᠶᠠᠫᠣᠨ ᠳᠤ《ᠮᠣᠷᠢᠨ ᠬᠤᠭᠤᠷ 》᠍ ᠤᠨ ᠬᠠᠨᠳᠢᠪ ᠤᠨ ᠲᠣᠭᠯᠠᠯᠲᠠ ᠵᠣᠬᠢᠶᠠᠨ ᠪᠠᠶᠢᠭᠤᠯᠵᠤ ᠣᠯᠤᠭᠰᠠᠨ ᠠᠰᠢᠭ ᠢᠶᠠᠨ ᠲᠠᠷᠢᠬᠢᠨ ᠤ ᠬᠣᠣᠷᠲᠤ ᠬᠠᠪᠤᠳᠠᠷ ᠲᠠᠢ ᠬᠡᠦᠬᠡᠳ ᠦᠳ᠂ ᠲᠡᠳᠡᠨ ᠦ ᠠᠷᠤ ᠭᠡᠷ ᠦᠨ ᠬᠢᠨ ᠳᠦ ᠬᠠᠨᠳᠢᠪᠯᠠᠳᠠᠭ ᠪᠣᠯᠵᠠᠢ᠃ ᠡᠨᠡ ᠵᠢᠯ ᠤᠨ ᠲᠣᠭᠯᠠᠯᠲᠠ ᠠᠴᠠ ᠪᠦᠷᠢᠳᠦᠭᠰᠡᠨ ᠮᠥᠩᠭᠥᠨ ᠬᠠᠨᠳᠢᠪ ᠢ ︽ᠠᠮᠤᠭᠤᠯᠠᠩ ᠨᠠᠷᠠᠨ︾ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠪ ᠂  ᠂ ᠰᠦᠵᠸᠲ᠋ᠠᠱᠬᠨᠳ᠋ ᠲᠥᠷᠥ ᠶᠢᠨ ᠪᠤᠰᠤ ᠪᠠᠶᠢᠭᠤᠯᠤᠯᠭ᠎ᠠ ᠤᠨ ᠭᠦᠢᠴᠡᠳᠭᠡᠬᠦ ᠵᠠᠬᠢᠷᠤᠯ ᠲᠠᠺᠠᠬᠠᠰᠢ ᠺᠢᠮᠢᠺᠣ ᠨᠠᠷ ᠲᠤ ᠭᠠᠷᠳᠠᠭᠤᠯᠤᠯ᠎ᠠ ᠃ ᠴᠢᠨᠠᠭᠰᠢᠳᠠ ᠮᠣᠩᠭᠣᠯ ᠳ᠋ᠡᠬᠢ ︽ᠠᠮᠤᠭᠤᠯᠠᠩ ᠨᠠᠷᠠᠨ︾ ᠲᠥᠷᠥ ᠶᠢᠨ ᠪᠤᠰᠤ ᠪᠠᠶᠢᠭᠤᠯᠤᠯᠭ᠎ᠠ ᠨᠢ ᠲᠠᠷᠢᠬᠢᠨ ᠤ ᠬᠣᠣᠷᠲᠤ ᠬᠠᠪᠤᠳᠠᠷ ᠲᠠᠢ ᠬᠡᠦᠬᠡᠳ ᠲᠡᠢ ᠡᠴᠢᠭᠡ ᠡᠬᠡᠴᠦᠳ ᠲᠦ ᠵᠦᠪᠯᠡᠯᠭᠡ ᠮᠡᠳᠡᠭᠡᠯᠡᠯ ᠥᠭᠴᠦ᠂ ᠶᠠᠫᠣᠨ ᠳᠤ ᠡᠮᠴᠢᠯᠡᠭᠦᠯᠬᠦ ᠪᠣᠯᠤᠮᠵᠢ ᠶᠢ ᠨᠡᠮᠡᠭᠳᠡᠭᠦᠯᠬᠦ ᠶᠢᠨ ᠲᠥᠯᠥᠭᠡ ᠠᠵᠢᠯᠯᠠᠬᠤ ᠶᠤᠮ ᠪᠠᠶᠢᠨ᠎ᠠ᠃
ᠫ ᠂ ᠤᠷᠠᠨ᠎ᠠ

ᠰᠡᠳᠬᠢᠭᠳᠡᠯ ᠦᠯᠡᠳᠡᠭᠡᠬᠦ