ᠬᠦᠪᠰᠦᠭᠦᠯ ᠦᠨ ᠢᠷᠭᠡᠳ ᠦᠨ ᠨᠤᠮ ᠰᠤᠯᠢᠯᠴᠠᠨ᠎ᠠ | News.MN

ᠬᠦᠪᠰᠦᠭᠦᠯ ᠦᠨ ᠢᠷᠭᠡᠳ ᠦᠨ ᠨᠤᠮ ᠰᠤᠯᠢᠯᠴᠠᠨ᠎ᠠ

ᠬᠥᠪᠰᠥᠭᠥᠯ ᠠᠶᠢᠮᠠᠭ ᠤᠨ ᠨᠡᠶᠢᠲᠡ ᠶᠢᠨ ᠨᠣᠮ ᠤᠨ ᠰᠠᠩ ᠠᠴᠠ ᠠᠶᠢᠮᠠᠭ ᠤᠨ ᠵᠠᠰᠠᠭ ᠳᠠᠷᠤᠭ᠎ᠠ ᠶᠢᠨ ᠦᠢᠯᠡ ᠠᠵᠢᠯᠯᠠᠭᠠᠨ ᠤ ᠬᠥᠲᠥᠯᠪᠦᠷᠢ ︽ᠥᠪ ᠰᠤᠶᠤᠯ᠂ ᠡᠷᠴᠢ ᠬᠦᠴᠦ》 ᠬᠥᠲᠥᠯᠪᠦᠷᠢ ᠶᠢᠨ ᠬᠡᠷᠡᠭᠵᠢᠯᠲᠡ᠂ ᠨᠡᠶᠢᠲᠡ ᠶᠢᠨ ᠨᠣᠮ ᠤᠨ ᠰᠠᠩ ᠤᠨ ᠡᠨᠡ ᠣᠨ ᠤ ᠲᠥᠯᠦᠪᠯᠡᠭᠡᠨ ᠦ ᠬᠡᠷᠡᠭᠵᠢᠯᠲᠡ ᠶᠢ ᠬᠠᠩᠭᠠᠬᠤ ᠵᠣᠷᠢᠯᠭ᠎ᠠ ᠶᠢᠨ ᠬᠦᠷᠢᠶᠡᠨ ᠳᠦ ᠨᠡᠶᠢᠭᠡᠮ ᠢ ᠰᠣᠶᠣᠨ ᠭᠡᠭᠡᠷᠡᠭᠦᠯᠬᠦ᠂ ᠤᠩᠰᠢᠭᠴᠢᠳ ᠤᠨ ᠨᠣᠮ ᠤᠩᠰᠢᠬᠤ᠂ ᠨᠣᠮ ᠲᠠᠢ ᠨᠥᠬᠦᠷᠯᠡᠭᠦᠯᠬᠦ᠂ ᠬᠦᠮᠦᠨ ᠪᠦᠷᠢ ᠳᠦ ᠮᠡᠳᠡᠭᠡᠯᠡᠯ ᠬᠦᠷᠭᠡᠬᠦ ᠵᠠᠮ ᠢᠶᠠᠷ ᠨᠡᠶᠢᠭᠡᠮ ᠳᠦ ᠲᠤᠰᠠᠲᠠᠢ ᠥᠷᠭᠡᠨ ᠮᠡᠳᠡᠯᠭᠡ ᠲᠡᠢ ᠢᠷᠭᠡᠨ ᠲᠥᠯᠦᠪᠰᠢᠭᠦᠯᠬᠦ ᠵᠣᠷᠢᠯᠲᠠ ᠶᠢᠨ ᠬᠦᠷᠢᠶᠡᠨ ᠳᠦ ᠮᠠᠷᠭᠠᠰᠢ ︽ᠨᠣᠮ ᠤᠨ ᠪᠠᠶᠠᠷ︾᠍ ᠢ ᠵᠣᠬᠢᠶᠠᠨ ᠪᠠᠶᠢᠭᠤᠯᠤᠨ᠎ᠠ᠃

ᠡᠨᠡ ᠦᠶ᠎ᠡ ᠪᠡᠷ ᠠᠷᠠᠳ ᠢᠷᠭᠡᠳ ᠦᠨ ᠳᠤᠮᠳᠠ ᠨᠣᠮ ᠰᠣᠯᠢᠯᠴᠠᠭ᠎ᠠ ᠵᠣᠬᠢᠶᠠᠨ ᠪᠠᠶᠢᠭᠤᠯᠵᠤ᠂ ᠦᠨ᠎ᠡ ᠦᠭᠡᠢ ᠺᠠᠷᠲ ᠨᠡᠭᠡᠭᠡᠵᠦ ᠥᠭᠬᠦ ᠪᠥᠭᠡᠳ ᠤᠩᠰᠢᠭᠴᠢ ᠬᠡᠦᠬᠡᠳ ᠦᠳ ᠦᠨ ᠳᠤᠮᠳᠠ  ︽ᠤᠩᠰᠢᠭᠰᠠᠨ ᠨᠣᠮ ᠢᠶᠠᠨ ᠬᠡᠨ ᠰᠠᠶᠢᠨ ᠶᠠᠷᠢᠬᠤ ᠪᠤᠢ︾ ᠤᠷᠤᠯᠳᠤᠭᠠᠨ ᠪᠣᠯᠵᠤ ᠂ ︽ᠬᠣᠶᠢᠮᠣᠷ ᠨᠤᠲᠤᠭ︾ ᠰᠢᠨ᠎ᠡ ᠨᠣᠮ ᠤᠨ ᠨᠡᠭᠡᠭᠡᠯᠲᠡ ᠪᠣᠯᠤᠨ᠎ᠠ᠃ ᠡᠨᠡᠬᠦ ᠠᠷᠭ᠎ᠠ ᠬᠡᠮᠵᠢᠶᠡᠨ ᠳᠦ ᠠᠶᠢᠮᠠᠭ ᠣᠷᠣᠨ ᠨᠤᠲᠤᠭ ᠤᠨ ᠤᠳᠤᠷᠢᠳᠤᠯᠭ᠎ᠠ ᠨᠤᠭᠤᠳ᠂ ᠠᠶᠢᠮᠠᠭ ᠤᠨ ᠤᠳᠬ᠎ᠠ ᠵᠣᠬᠢᠶᠠᠯ ᠤᠨ ᠨᠢᠭᠡᠳᠦᠯ ᠦᠨ ᠬᠠᠮᠲᠤ ᠣᠯᠠᠨ᠂ ᠨᠣᠮ ᠰᠣᠨᠢᠷᠬᠠᠭᠴᠢ ᠢᠷᠭᠡᠳ᠂ ᠤᠩᠰᠢᠭᠴᠢ ᠬᠡᠦᠬᠡᠳ ᠪᠠᠭᠠᠴᠤᠳ ᠤᠷᠤᠯᠴᠠᠬᠤ ᠭᠡᠨ᠎ᠡ᠃ ᠨᠣᠮ ᠤᠨ ᠪᠠᠶᠠᠷ ᠢ ᠵᠣᠬᠢᠶᠠᠨ ᠪᠠᠶᠢᠭᠤᠯᠤᠭᠰᠠᠨ ᠢᠶᠠᠷ ᠨᠣᠮ ᠤᠨ ᠰᠠᠩ ᠤᠨ ᠦᠢᠯᠡᠴᠢᠯᠡᠬᠦ ᠬᠦᠷᠢᠶ᠎ᠡ ᠶᠢ ᠥᠷᠭᠡᠵᠢᠭᠦᠯᠵᠦ᠂ ᠤᠩᠰᠢᠭᠴᠢᠳ ᠲᠤ ᠪᠡᠶ᠎ᠡ ᠳᠠᠭᠠᠭᠠᠨ ᠮᠡᠳᠡᠯᠭᠡ ᠪᠣᠯᠪᠠᠰᠤᠷᠠᠯ ᠢᠶᠠᠨ ᠳᠡᠭᠡᠭᠰᠢᠯᠡᠭᠦᠯᠬᠦ ᠳᠦ ᠲᠤᠰᠠᠯᠠᠬᠤ ᠵᠣᠷᠢᠯᠭ᠎ᠠ ᠲᠠᠢ ᠲᠡᠳᠦᠢ ᠦᠭᠡᠢ ᠤᠩᠰᠢᠭᠴᠢ ᠪᠣᠯᠤᠨ ᠵᠣᠬᠢᠶᠠᠯᠴᠢᠳ ᠠᠭᠤᠯᠵᠠᠵᠤ ᠶᠠᠷᠢᠯᠴᠠᠬᠤ ᠪᠣᠯᠤᠮᠵᠢ ᠪᠥᠷᠢᠳᠬᠦ ᠠᠵᠡᠢ᠃

ᠪ ∙  ᠭᠠᠩᠲᠤᠶᠠᠭ᠎ᠠ

ᠰᠡᠳᠬᠢᠭᠳᠡᠯ ᠦᠯᠡᠳᠡᠭᠡᠬᠦ