︽ᠰᠡᠷᠢᠭᠰᠡᠨ ᠲᠠᠯ᠎ᠠ︾ ᠬᠥᠭᠵᠢᠮ ᠦᠨ ᠨᠠᠭᠠᠳᠤᠮ  ᠢ ᠵᠣᠬᠢᠶᠠᠨ ᠪᠠᠶᠢᠭᠤᠯᠤᠯ᠎ᠠ | News.MN

︽ᠰᠡᠷᠢᠭᠰᠡᠨ ᠲᠠᠯ᠎ᠠ︾ ᠬᠥᠭᠵᠢᠮ ᠦᠨ ᠨᠠᠭᠠᠳᠤᠮ  ᠢ ᠵᠣᠬᠢᠶᠠᠨ ᠪᠠᠶᠢᠭᠤᠯᠤᠯ᠎ᠠ

ᠨᠡᠷᠡᠲᠦ ᠬᠥᠭᠵᠢᠮ ᠦᠨ ᠵᠣᠬᠢᠶᠠᠯᠴᠢ ᠪ ᠂ ᠰᠢᠷᠠᠪ ᠤᠨ ᠲᠦᠷᠦᠭᠰᠡᠨ ᠨᠤᠲᠤᠭ ᠬᠡᠨᠲᠡᠢ ᠠᠶᠢᠮᠠᠭ ᠤᠨ ᠵᠢᠷᠭᠠᠯᠲᠤᠬᠠᠨ ᠰᠤᠮᠤᠨ ᠳᠤ  ︽ᠰᠡᠷᠢᠭᠰᠡᠨ ᠲᠠᠯ᠎ᠠ︾ ᠬᠥᠭᠵᠢᠮ ᠦᠨ ᠨᠠᠭᠠᠳᠤᠮ᠂ ᠣᠷᠴᠢᠨ ᠦᠶ᠎ᠡ ᠶᠢᠨ ᠳᠠᠭᠤᠤ ᠳᠠᠭᠤᠯᠠᠭᠠᠴᠢᠳ ᠤᠨ ᠤᠯᠤᠰ ᠤᠨ ᠤᠷᠤᠯᠳᠤᠭᠠᠨ ᠢ ᠵᠣᠬᠢᠶᠠᠨ ᠪᠠᠶᠢᠭᠤᠯᠤᠯ᠎ᠠ᠃
ᠲᠤᠰ ᠠᠷᠭ᠎ᠠ ᠬᠡᠮᠵᠢᠶ᠎ᠡ ᠶᠢ ᠰᠤᠮᠤ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠰᠠᠨᠠᠭᠠᠴᠢᠯᠠᠨ ᠤᠯᠠᠭᠠᠨᠪᠠᠭᠠᠲᠤᠷ ᠬᠣᠲᠠ ᠳ᠋ᠡᠬᠢ ᠵᠢᠷᠭᠠᠯᠲᠤᠬᠠᠨ ᠰᠤᠮᠤ ᠶᠢᠨ ᠨᠤᠲᠤᠭ ᠤᠨ ᠵᠥᠪᠯᠡᠯ᠂ ᠪ ᠂ ᠰᠢᠷᠠᠪ ᠰᠠᠩ ᠬᠠᠮᠲᠤᠷᠠᠨ ᠡᠶᠢᠨᠬᠦᠦ ᠵᠣᠬᠢᠶᠠᠨ ᠪᠠᠶᠢᠭᠤᠯᠤᠭᠰᠠᠨ ᠪᠠᠶᠢᠨ᠎ᠠ᠃
ᠨᠠᠭᠠᠳᠤᠮ ᠤᠨ ᠨᠡᠭᠡᠭᠡᠯᠲᠡ ᠳᠦ ᠦᠨᠳᠦᠰᠦᠨ ᠦ ᠤᠷᠠᠯᠢᠭ ᠤᠨ ᠶᠡᠬᠡ ᠲᠢᠶᠠᠲ᠋ᠷ ᠤᠨ ᠲᠥᠷᠥ ᠶᠢᠨ ᠨᠠᠶᠢᠷᠠᠯ ᠬᠥᠭᠵᠢᠮ ᠪᠦᠷᠢᠨ ᠪᠦᠷᠢᠯᠳᠦᠬᠦᠨ ᠢᠶᠡᠷ ᠢᠶᠡᠨ ᠣᠷᠣᠯᠴᠠᠵᠤ ᠤᠳᠤᠷᠢᠳᠤᠭᠠᠴᠢ᠂ ᠮᠣᠩᠭᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ ᠨ ∙ ᠪᠤᠶᠠᠨᠪᠠᠭᠠᠲᠤᠷ ᠤᠨ ᠤᠳᠤᠷᠢᠳᠤᠯᠭ᠎ᠠ ᠪᠠᠷ ᠬᠥᠭᠵᠢᠮ ᠦᠨ ᠵᠣᠬᠢᠶᠠᠯᠴᠢ ᠪ ᠂ ᠰᠢᠷᠠᠪ ᠤᠨ ᠠᠯᠳᠠᠷᠲᠤ ︽ᠰᠡᠷᠢᠭᠰᠡᠨ ᠲᠠᠯ᠎ᠠ︾᠂ ︽ᠲᠩᠷᠢ ᠶᠢᠨ ᠣᠷᠣᠨ︾ ᠠᠶᠠᠯᠭᠤ ᠶᠢ ᠡᠭᠡᠰᠢᠭᠯᠡᠭᠦᠯᠦᠯ᠎ᠡ᠃ ᠲᠤᠰ ᠲᠢᠶᠠᠲ᠋ᠷ ᠤᠨ ᠬᠢᠨ ︽ᠰᠡᠷᠢᠭᠰᠡᠨ ᠲᠠᠯ᠎ᠠ︾ ᠵᠣᠬᠢᠶᠠᠯ ᠢ ᠲᠡᠦᠬᠡᠨ ᠳᠦ ᠪᠡᠨ ᠬᠠᠮᠤᠭ ᠤᠨ ᠣᠯᠠᠨ ᠤᠳᠠᠭ᠎ᠠ ᠲᠣᠭᠯᠠᠭᠰᠠᠨ ᠠᠵᠠᠢ᠃
ᠡᠨᠡᠬᠦ ᠬᠥᠭᠵᠢᠮ ᠦᠨ ᠨᠠᠭᠠᠳᠤᠮ ᠳᠤ ᠤᠯᠤᠰ ᠤᠨ ᠬᠡᠮᠵᠢᠶᠡᠨ ᠦ ᠰᠤᠶᠤᠯ᠂ ᠤᠷᠠᠯᠢᠭ ᠤᠨ ᠪᠠᠶᠢᠭᠤᠯᠤᠯᠭ᠎ᠠ ᠶᠢᠨ 42 ᠵᠠᠯᠠᠭᠤ ᠤᠷᠠᠨ ᠪᠦᠲᠦᠭᠡᠯᠴᠢ ᠣᠷᠣᠯᠴᠠᠭᠰᠠᠨ ᠶᠤᠮ᠃ ᠬᠣᠶᠠᠷ ᠡᠳᠦᠷ ᠦᠨ ᠲᠤᠷᠰᠢ ᠦᠷᠭᠦᠯᠵᠢᠯᠡᠭᠰᠡᠨ ᠲᠤᠰ ᠨᠠᠭᠠᠳᠤᠮ ᠤᠨ ᠲᠡᠷᠢᠭᠦᠨ ᠪᠠᠶᠢᠷᠢᠨ ᠳᠤ  ᠳᠠᠭᠤᠤ ᠪᠦᠵᠢᠭ ᠦᠨ ᠡᠷᠳᠡᠮ ᠦᠨ ᠲᠢᠶᠠᠲᠷ ᠍ ᠤᠨ ᠭᠣᠴᠣᠯᠠᠯ ᠳᠠᠭᠤᠴᠢᠨ ᠰ ∙ ᠪᠠᠲᠤ-ᠡᠷᠳᠡᠨᠢ᠂ ᠲᠤᠰᠬᠠᠢ ᠪᠠᠶᠢᠷᠢᠨ ᠳᠤ ᠳᠠᠭᠤᠤ ᠪᠦᠵᠢᠭ ᠦᠨ ᠡᠷᠳᠡᠮ ᠦᠨ ᠲᠢᠶᠠᠲᠷ ᠍ ᠤᠨ ᠭᠣᠴᠣᠯᠠᠯ ᠳᠠᠭᠤᠴᠢᠨ ᠪ ∙ ᠭᠤᠮᠪᠤᠸᠠᠴᠢᠷ ᠂ ᠰᠢᠯᠢᠳᠡᠭ  ᠺᠤᠨᠼᠸᠷᠲ ᠮᠸᠰᠲᠷ  ᠢᠶᠡᠷ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠪ ∙ ᠰᠣᠯᠣᠩᠭ᠎ᠠ ᠨᠠᠷ ᠲᠤᠰ ᠲᠤᠰ ᠰᠢᠯᠭᠠᠷᠴᠢ ᠲᠠᠪᠤᠨ ᠰᠠᠶ᠎ᠠ ᠠᠴᠠ500 ᠮᠢᠩᠭᠠᠨ ᠲᠥᠭᠥᠷᠢᠭ ᠬᠦᠷᠲᠡᠯᠡᠬᠢ ᠮᠦᠩᠭᠦᠨ ᠤᠷᠮᠠᠰᠢᠭᠤᠯᠤᠯ᠂ ᠡᠷᠭᠦᠮᠵᠢᠯᠡᠯ ᠭᠠᠷᠳᠠᠯ᠎ᠠ᠃

ᠰᠡᠳᠬᠢᠭᠳᠡᠯ ᠦᠯᠡᠳᠡᠭᠡᠬᠦ