ᠡᠨᠡ ᠣᠨ ᠤ 2 ᠳ᠋ᠤᠭᠠᠷ ᠤᠯᠠᠷᠢᠯ ᠤᠨ ᠪᠠᠶᠢᠳᠠᠯ ᠢᠶᠠᠷ ᠨᠡᠶᠢᠭᠡᠮ ᠤᠨ ᠳᠠᠭᠠᠳᠬᠠᠯ ᠤᠨ ᠰᠢᠮᠡᠳᠬᠡᠯ ᠳᠦ ᠨᠡᠶᠢᠲᠡ 39.7 ᠮᠢᠩᠭᠠᠨ ᠠᠵᠤ ᠠᠬᠤᠢ ᠶᠢᠨ ᠨᠢᠭᠡᠴᠡ ᠶᠢᠨ 636.5 ᠮᠢᠩᠭᠠᠨ ᠠᠵᠢᠯᠴᠢᠨ ᠬᠠᠮᠤᠷᠤᠭᠳᠠᠭᠰᠠᠨ ᠪᠠᠶᠢᠨ᠎ᠠ᠃ ᠨᠡᠶᠢᠭᠡᠮ ᠤᠨ ᠳᠠᠭᠠᠳᠬᠠᠯ ᠤᠨ ᠰᠢᠮᠡᠳᠭᠡᠯ ᠲᠥᠯᠦᠯᠲᠡ ᠶᠢᠨ ᠲᠠᠶᠢᠯᠤᠨ ᠳᠤ ᠬᠠᠮᠤᠷᠤᠭᠳᠠᠭᠰᠠᠨ ᠡᠳᠡᠭᠡᠷ ᠠᠵᠢᠯᠯᠠᠭᠴᠢᠳ ᠤᠨ ᠴᠠᠯᠢᠩ ᠬᠥᠯᠥᠰᠥ ᠶᠢ ᠠᠩᠭᠢᠯᠠᠵᠤ ᠦᠵᠡᠪᠡᠯ᠄ 46.9 ᠮᠢᠩᠭ᠎ᠠ ᠨᠢ 240 000 ᠲᠥᠭᠥᠷᠢᠭ ᠬᠦᠷᠲᠡᠯᠡᠬᠢ ᠴᠠᠯᠢᠩ ᠲᠠᠢ ᠂ 135.8 ᠮᠢᠩᠭ᠎ᠠ ᠨᠢ 240 001-500 000 ᠲᠥᠭᠥᠷᠢᠭ ᠦᠨ ᠴᠠᠯᠢᠩ ᠲᠠᠢ ᠂ 225.6 ᠮᠢᠩᠭ᠎ᠠ ᠨᠢ 500 001-900 000 ᠲᠥᠭᠥᠷᠢᠭ ᠦᠨ ᠴᠠᠯᠢᠩ ᠲᠠᠢ ᠂ 114.7 ᠮᠢᠩᠭ᠎ᠠ ᠨᠢ 900.001-1.300.000 ᠲᠥᠭᠥᠷᠢᠭ ᠦᠨ ᠴᠠᠯᠢᠩ ᠲᠠᠢ ᠂ 28.8 ᠮᠢᠩᠭ᠎ᠠ ᠨᠢ 1300 001-1500 000 ᠲᠥᠭᠥᠷᠢᠭ ᠦᠨ ᠴᠠᠯᠢᠩ ᠲᠠᠢ ᠂ 84.7 ᠮᠢᠩᠭ᠎ᠠ ᠨᠢ 1500 001 ᠲᠥᠭᠥᠷᠢᠭ ᠡᠴᠡ ᠳᠡᠭᠡᠭᠰᠢ ᠴᠠᠯᠢᠩ ᠲᠠᠢ ᠪᠠᠶᠢᠨ᠎ᠠ᠃
ᠠᠵᠢᠯᠯᠠᠭᠴᠢᠳ ᠤᠨ ᠰᠠᠷ᠎ᠠ ᠶᠢᠨ ᠳᠤᠮᠳᠠᠴᠢ ᠴᠠᠯᠢᠩ ᠢ ᠪᠦᠰᠡ ᠪᠡᠷ ᠠᠪᠴᠤ ᠦᠵᠡᠪᠡᠯ᠄ ᠬᠠᠩᠭᠠᠢ ᠶᠢᠨ ᠪᠥᠰᠡ ᠳᠦ 890.9 ᠮᠢᠩᠭᠠᠨ ᠲᠥᠭᠥᠷᠢᠭ ᠂ ᠲᠥᠪ ᠦᠨ ᠪᠥᠰᠡ ᠳᠦ 856.4 ᠮᠢᠩᠭᠠᠨ ᠲᠥᠭᠥᠷᠢᠭ ᠂ ᠵᠡᠭᠦᠨ ᠪᠥᠰᠡ ᠳᠦ 740.3 ᠮᠢᠩᠭᠠᠨ ᠲᠥᠭᠥᠷᠢᠭ ᠃
ᠪᠠᠷᠠᠭᠤᠨ ᠪᠥᠰᠡ ᠳᠦ 648.9 ᠮᠢᠩᠭᠠᠨ ᠲᠥᠭᠥᠷᠢᠭ ᠪᠠᠶᠢᠭ᠎ᠠ ᠨᠢ ᠤᠯᠤᠰ ᠤᠨ ᠳᠤᠮᠳᠠᠴᠢ ᠠᠴᠠ 134.7-376.7 ᠮᠢᠩᠭᠠᠨ ᠲᠥᠭᠥᠷᠢᠭ ᠢᠶᠡᠷ ᠪᠠᠭ᠎ᠠ ᠪᠠᠶᠢᠨ᠎ᠠ᠃ ᠬᠠᠷᠢᠨ ᠤᠯᠠᠭᠠᠨᠪᠠᠭᠠᠲᠤᠷ ᠬᠤᠲᠠ ᠳᠤ ᠠᠵᠢᠯᠯᠠᠭᠴᠢᠳ ᠤᠨ ᠰᠠᠷ᠎ᠠ ᠶᠢᠨ ᠳᠤᠮᠳᠠᠴᠢ ᠴᠠᠯᠢᠩ 1.1 ᠰᠠᠶ᠎ᠠ ᠲᠥᠭᠥᠷᠢᠭ ᠪᠠᠶᠢᠭ᠎ᠠ ᠨᠢ ᠤᠯᠤᠰ ᠤᠨ ᠳᠤᠮᠳᠠᠴᠢ ᠠᠴᠠ 121.7 ᠮᠢᠩᠭᠠᠨ ᠲᠥᠭᠥᠷᠢᠭ ᠢᠶᠡᠷ ᠶᠡᠬᠡ ᠪᠠᠶᠢᠨ᠎ᠠ᠃
ᠠᠵᠢᠯᠯᠠᠭᠴᠢᠳ ᠤᠨ ᠰᠠᠷ᠎ᠠ ᠶᠢᠨ ᠳᠤᠮᠳᠠᠴᠢ ᠴᠠᠯᠢᠩ ᠢ ᠦᠢᠯᠡ ᠠᠵᠢᠯᠯᠠᠭᠠᠨ ᠤ ᠰᠠᠯᠪᠤᠷᠢ ᠶᠢᠨ ᠠᠩᠭᠢᠯᠠᠯ ᠢᠶᠠᠷ ᠠᠪᠴᠤ ᠦᠵᠡᠬᠦ ᠳᠦ ᠠᠭᠤᠯᠠ ᠠᠭᠤᠷᠬᠠᠢ᠂ ᠣᠯᠪᠤᠷᠢᠯᠠᠯᠲᠠ ᠶᠢᠨ ᠰᠠᠯᠪᠤᠷᠢ ᠳᠤ ᠠᠵᠢᠯᠯᠠᠭᠴᠢᠳ ᠤᠨ ᠬᠢ ᠬᠠᠮᠤᠭ ᠤᠨ ᠶᠡᠬᠡ ᠪᠤᠶᠤ 2.5 ᠰᠠᠶ᠎ᠠ ᠲᠥᠭᠥᠷᠢᠭ᠂ ᠬᠠᠷᠢᠨ ᠤᠷᠠᠯᠢᠭ᠂ ᠦᠵᠡᠪᠦᠷᠢ᠂ ᠲᠣᠭᠯᠠᠭᠠᠮ ᠨᠠᠭᠠᠳᠤᠮ ᠤᠨ ᠰᠠᠯᠪᠤᠷᠢ ᠶᠢᠨ ᠬᠢ ᠬᠠᠮᠤᠭ ᠤᠨ ᠪᠠᠭ᠎ᠠ ᠪᠤᠶᠤ 612.6 ᠮᠢᠩᠭᠠᠨ ᠲᠥᠭᠥᠷᠢᠭ ᠪᠠᠶᠢᠨ᠎ᠠ᠃
ᠲ ᠂ ᠳᠠᠸᠠᠨᠢᠮ᠎ᠠ