ᠠᠽᠢᠶ᠎ᠠ ᠶᠢᠨ ᠨᠠᠭᠠᠳᠤᠮ ᠤᠨ 《ᠫᠷᠣᠩᠨᠦᠽ》 (ᠡᠷᠡᠭᠲᠡᠶᠢᠴᠦᠳ) | News.MN

ᠠᠽᠢᠶ᠎ᠠ ᠶᠢᠨ ᠨᠠᠭᠠᠳᠤᠮ ᠤᠨ 《ᠫᠷᠣᠩᠨᠦᠽ》 (ᠡᠷᠡᠭᠲᠡᠶᠢᠴᠦᠳ)

ᠠᠽᠢᠶ᠎ᠠ ᠶᠢᠨ ᠵᠤᠨ ᠤ ᠰᠫᠣᠷᠲ ᠤᠨ 18 ᠳ᠋ᠤᠭᠠᠷ ᠨᠠᠭᠠᠳᠤᠮ ᠨᠠᠶᠢᠮᠠᠳᠤᠭᠠᠷ ᠰᠠᠷ᠎ᠠ ᠶᠢᠨ 18 ᠍ ᠳᠦ ᠢᠨᠳᠥᠶᠢᠨᠧᠽᠢ ᠶᠢᠨ ᠨᠡᠶᠢᠰᠯᠡᠯ ᠵᠠᠺᠠᠷᠲ ᠲᠤ ᠡᠬᠢᠯᠡᠨ᠎ᠡ᠃ ᠴᠢᠯᠦᠭᠡᠲᠦ ᠪᠥᠬᠡ ᠶᠢᠨ ᠲᠡᠮᠡᠴᠡᠭᠡᠨ ᠨᠡᠭᠡᠭᠡᠯᠲᠡ ᠶᠢᠨ ᠶᠣᠰᠣᠯᠠᠯ ᠤᠨ ᠠᠵᠢᠯᠯᠠᠭᠠᠨ ᠤ ᠮᠠᠷᠭᠠᠰᠢ ᠪᠤᠶᠤ 19-21 ᠍ ᠳᠤ ᠵᠠᠺᠠᠷᠲᠠᠭ ᠤᠨ 《Jakarta Convention Center》 ᠍ ᠲᠤ ᠪᠣᠯᠤᠨ᠎ᠠ᠃ ᠵᠠᠺᠠᠷᠲᠠᠭ ᠤᠨ ᠳᠡᠪᠵᠢᠭᠡᠨ ᠳᠦ ᠡᠷᠡᠭᠲᠡᠶᠢᠴᠦᠳ ᠦᠨ ᠵᠢᠩ ᠳᠦ ᠬᠠᠮᠢᠭᠠᠬᠢ ᠶᠢᠨ ᠬᠡᠨ ᠬᠡᠨ ᠭᠡᠳᠡᠭ ᠰᠠᠶᠢᠴᠤᠳ ᠢᠷᠡᠵᠦ᠂ ᠮᠧᠳᠠᠯ ᠬᠦᠷᠢᠲᠦᠬᠦ ᠪᠣᠯᠤᠮᠵᠢ ᠲᠠᠢ ᠶᠢ ᠬᠦᠷᠭᠡᠶ᠎ᠡ᠃

57 КГ᠄
ᠥᠩᠭᠡᠷᠡᠭᠰᠡᠨ ᠵᠢᠯ ᠦᠨ ᠫᠠᠷᠢᠰ ᠤᠨ ᠳᠡᠯᠡᠬᠡᠢ ᠶᠢᠨ ᠠᠪᠤᠷᠭᠤ ᠶᠠᠫᠣᠨ ᠤ ᠶᠢᠺᠢ ᠲᠠᠺᠠᠬᠠᠰᠢ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠣᠱᠣᠢ ᠬᠦᠷᠡᠯ ᠮᠧᠳᠠᠯ ᠳᠤ ᠮᠠᠨ ᠤ ᠡ᠊ ∙ ᠪᠡᠬᠡᠪᠠᠶᠠᠷ ᠭᠠᠪᠢᠶᠠᠲᠤ ᠶᠢᠨ ᠬᠡᠨ ᠢᠯᠠᠭᠰᠠᠨ ᠨᠢ ᠠᠽᠢᠶ᠎ᠠ ᠶᠢᠨ ᠨᠠᠭᠠᠳᠤᠮ ᠳᠤ ᠲᠦᠷᠦᠭᠦᠯᠡᠬᠦ ᠪᠣᠯᠤᠮᠵᠢ ᠥᠨᠳᠥᠷ᠃ ᠲᠡᠳᠡ 2015 ᠣᠨ ᠯᠠᠰᠠ-ᠸᠧᠭᠠᠰ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠩᠬ᠎ᠠ ᠲᠠᠭᠠᠷᠠᠬᠤ ᠳᠤ ᠪᠡᠬᠢ ᠪᠡᠨ ᠭᠠᠪᠢᠶᠠᠲᠤ ᠢᠯᠠᠭᠰᠠᠨ ᠪᠣᠯ ᠥᠩᠭᠡᠷᠡᠭᠰᠡᠨ ᠵᠢᠯ ᠫᠠᠷᠢᠰ ᠲᠤ ᠶᠠᠫᠣᠨ ᠡᠷ᠎ᠡ ᠮᠠᠨ ᠤ ᠪᠥᠬᠡ ᠶᠢ ᠢᠯᠠᠵᠤ ᠠᠪᠤᠷᠭᠤᠯᠠᠬᠤ ᠵᠠᠮ ᠢᠶᠠᠨ ᠵᠠᠰᠠᠭᠰᠠᠨ᠃ ᠲᠡᠶᠢᠮᠦ ᠡᠴᠡ ᠲᠡᠳᠡ ᠵᠠᠺᠠᠷᠲ ᠲᠤ ᠬᠠᠶᠢᠨ ᠢᠶᠠᠨ ᠬᠠᠭᠠᠯᠬᠤ ᠮᠠᠭᠠᠳᠯᠠᠯ ᠲᠠᠢ᠃ ᠪᠥᠬᠡ ᠶᠢᠨ ᠣᠷᠣᠨ ᠢᠷᠠᠨ ᠠᠴᠠ ᠷᠧᠽᠠ ᠠᠲᠷᠢ᠂ ᠡᠨᠡᠳᠬᠡᠭ ᠡᠴᠡ 2016 ᠣᠨ ᠤ ᠠᠽᠢᠶ᠎ᠠ ᠶᠢᠨ ᠠᠪᠤᠷᠭᠤ ᠰᠠᠨᠳᠢᠫ ᠲᠣᠮᠠᠷ᠂ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠤᠨ ᠺᠠᠨ ᠺᠦ᠋ᠮ ᠰᠣᠨ᠂ ᠬᠠᠰᠠᠭᠰᠲ᠋ᠠᠨ ᠤ ᠵᠣᠩᠳᠠᠰ ᠢᠰᠦᠮᠠᠢᠯᠣᠸ ᠢ ᠲᠣᠭᠠᠴᠠᠨ ᠠᠴᠠ ᠬᠠᠰᠴᠢ ᠪᠣᠯᠬᠤ ᠦᠭᠡᠢ᠃ ᠢᠯᠠᠩᠭᠤᠶ᠎ᠠ ᠡᠨᠡ ᠵᠢᠯ ᠦᠨ ᠠᠽᠢᠶ᠎ᠠ ᠶᠢᠨ ᠠᠪᠤᠷᠭᠤ ᠺᠠᠨ ᠺᠦ᠋ᠮ ᠰᠣᠨ ᠭᠡᠵᠦ 《ᠪᠢᠲᠡᠭᠦᠦ ᠮᠣᠷᠢ》 ᠪᠤᠢ᠃ ᠬᠣᠶᠢᠳ ᠰᠣᠯᠣᠩᠭᠣᠰ ᠤᠨ ᠬᠥᠩᠭᠡᠨ ᠵᠢᠩ ᠦᠨ ᠪᠥᠬᠡᠴᠦᠳ ᠠᠽᠢᠶ᠎ᠠ ᠶᠢᠨ ᠨᠠᠭᠠᠳᠤᠮ ᠳᠤ ᠥᠨᠳᠦᠷ ᠠᠮᠵᠢᠯᠲᠠ ᠦᠵᠡᠭᠦᠯᠳᠡᠭ ᠤᠯᠠᠮᠵᠢᠯᠠᠯ ᠲᠠᠢ᠃ ᠳᠣᠬᠣ ᠳᠤ ᠵᠣᠩ ᠬᠡᠶᠦᠩ ᠭᠦᠺ᠂ ᠭᠤᠸᠠᠩᠵᠢᠭᠤᠳ ᠶᠠᠩ ᠺᠢᠨ ᠢᠯᠡ᠂ ᠢᠨᠴᠢᠶᠣᠨᠳ ᠵᠣᠩ ᠬᠠᠺ ᠵᠢᠩ ᠨᠠᠷ ᠹᠢᠨᠠᠯᠳᠤᠵᠤ ᠪᠠᠶᠢᠭᠰᠠᠨ ᠨᠢ ᠳᠡᠭᠡᠷᠡᠬᠢ ᠶᠢ ᠢᠯᠡᠳᠬᠡᠨ᠎ᠡ᠃

ᠰᠡᠳᠬᠢᠭᠳᠡᠯ ᠦᠯᠡᠳᠡᠭᠡᠬᠦ