ᠮᠡᠷᠭᠡᠵᠢᠯ ᠦᠨ ᠨᠣᠬᠠᠢ ᠶᠢᠨ ᠬᠥᠲᠥᠴᠢ ᠨᠠᠷ ᠦᠨᠡᠮᠯᠡᠬᠦ ᠪᠡᠨ ᠭᠠᠷᠳᠠᠨ ᠠᠪᠤᠯ᠎ᠠ | News.MN

ᠮᠡᠷᠭᠡᠵᠢᠯ ᠦᠨ ᠨᠣᠬᠠᠢ ᠶᠢᠨ ᠬᠥᠲᠥᠴᠢ ᠨᠠᠷ ᠦᠨᠡᠮᠯᠡᠬᠦ ᠪᠡᠨ ᠭᠠᠷᠳᠠᠨ ᠠᠪᠤᠯ᠎ᠠ

ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠠᠴᠠ ᠡᠷᠢᠨ ᠬᠠᠶᠢᠬᠤ᠂ ᠠᠪᠤᠷᠠᠬᠤ ᠦᠢᠯᠡ ᠠᠵᠢᠯᠯᠠᠭᠠᠨ ᠳᠤ ᠨᠣᠬᠠᠢ ᠠᠰᠢᠭᠯᠠᠬᠤ᠂ ᠰᠤᠷᠭᠠᠵᠤ ᠳᠠᠳᠤᠯᠭᠠᠵᠢᠭᠤᠯᠬᠤ᠂ ᠨᠣᠬᠠᠢ ᠶᠢᠨ ᠰᠤᠷᠭᠠᠭᠴᠢ᠂ ᠬᠥᠲᠥᠯᠥᠭᠴᠢ ᠶᠢ ᠪᠡᠯᠡᠳᠬᠡᠬᠦ ᠵᠣᠷᠢᠯᠭ᠎ᠠ ᠪᠠᠷ ᠡᠷᠢᠯᠴᠢ ᠨᠣᠬᠠᠢ ᠶᠢᠨ ᠠᠯᠪᠠ ᠶᠢ ᠪᠠᠶᠢᠭᠤᠯᠤᠭᠰᠠᠨ ᠪᠢᠯᠡ᠃ ᠲᠤᠰ ᠠᠯᠪᠠᠨ ᠠᠴᠠ ᠵᠣᠬᠢᠶᠠᠨ ᠪᠠᠶᠢᠭᠤᠯᠤᠭᠰᠠᠨ ᠨᠣᠬᠠᠢ ᠶᠢᠨ ᠬᠥᠲᠥᠴᠢ  ᠪᠡᠯᠡᠳᠬᠡᠬᠦ ᠰᠤᠷᠭᠠᠯᠲᠠ ᠵᠢᠷᠭᠤᠭᠠᠨ ᠰᠠᠷ᠎ᠠ ᠶᠢᠨ ᠬᠤᠭᠤᠴᠠᠭᠠᠨ ᠳᠤ ᠦᠷᠭᠦᠯᠵᠢᠯᠡᠨ ᠠᠮᠵᠢᠯᠲᠠ ᠲᠠᠢ ᠥᠨᠳᠥᠷᠯᠡᠵᠡᠢ᠃
ᠰᠤᠷᠭᠠᠯᠲᠠ ᠳᠤ ᠦᠨᠳᠦᠰᠦᠨ ᠦ ᠠᠪᠤᠷᠠᠬᠤ ᠪᠠᠷᠢᠭᠠᠳᠠ᠂ ᠨᠡᠶᠢᠰᠯᠡᠯ ᠦᠨ ᠠᠪᠤᠷᠠᠬᠤ ᠠᠩᠭᠢ 105᠂ ᠳᠣᠷᠣᠨᠠᠲᠤ᠂ ᠡᠮᠦᠨᠡᠭᠣᠪᠢ᠂ ᠬᠣᠪᠳᠣ᠂ ᠪᠤᠯᠠᠭᠠᠨ᠂ ᠰᠡᠯᠡᠩᠭᠡ᠂ ᠬᠡᠨᠲᠡᠢ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠳ ᠠᠴᠠ ᠨᠡᠶᠢᠲᠡ 10 ᠠᠯᠪᠠ ᠬᠠᠭᠠᠭᠴᠢ ᠨᠣᠬᠠᠢ ᠬᠥᠲᠥᠯᠥᠭᠴᠢ ᠪᠡᠷ ᠰᠤᠷᠤᠯᠴᠠᠵᠤ ᠲᠡᠭᠦᠰᠦᠨ᠂ ᠦᠨᠡᠮᠯᠡᠬᠦ ᠭᠠᠷᠳᠠᠨ ᠠᠪᠴᠠᠢ᠃
ᠣᠨᠴᠠᠭᠠᠢ ᠪᠠᠶᠢᠳᠠᠯ ᠤᠨ ᠪᠠᠶᠢᠭᠤᠯᠤᠯᠭ᠎ᠠ ᠠᠴᠠ ᠡᠷᠢᠯᠴᠢ ᠨᠣᠬᠠᠢ ᠶᠢᠨ ᠠᠯᠪᠠ ᠲᠠᠢ ᠪᠣᠯᠤᠭᠰᠠᠨ ᠠᠴᠠ ᠬᠣᠶᠢᠰᠢ 10 ᠠᠯᠪᠠ ᠬᠠᠭᠠᠭᠴᠢ ᠶᠢ ᠨᠣᠬᠠᠢ ᠬᠥᠲᠥᠯᠥᠭᠴᠢ ᠪᠡᠷ ᠪᠡᠯᠡᠳᠬᠡᠨ᠂10 ᠨᠣᠬᠠᠢ ᠶᠢ ᠡᠷᠢᠨ ᠬᠠᠶᠢᠬᠤ᠂ ᠠᠪᠤᠷᠠᠬᠤ ᠴᠢᠭᠯᠡᠯ ᠢᠶᠡᠷ ᠰᠤᠷᠭᠠᠵᠤ᠂ ᠳᠠᠳᠤᠯᠭᠠᠵᠢᠭᠤᠯᠤᠭᠠᠳ ᠪᠠᠶᠢᠭ᠎ᠠ ᠨᠢ ᠡᠨᠡ ᠶᠤᠮ᠃ ᠢᠩᠭᠢᠭᠰᠡᠨ ᠢᠶᠡᠷ ᠭᠠᠮᠰᠢᠭ ᠲᠠᠢ ᠲᠡᠮᠡᠴᠡᠬᠦ ᠪᠡᠯᠡᠳᠬᠡᠯ᠂ ᠪᠡᠯᠡᠨ ᠪᠠᠶᠢᠳᠠᠯ ᠳᠡᠭᠡᠭᠰᠢᠯᠡᠵᠦ᠂ ᠠᠯᠢᠪᠠ ᠭᠠᠮᠰᠢᠭ ᠣᠰᠣᠯ ᠤᠨ ᠦᠶ᠎ᠡ ᠳᠦ ᠡᠷᠢᠨ ᠬᠠᠶᠢᠬᠤ᠂ ᠠᠪᠤᠷᠠᠬᠤ ᠠᠵᠢᠯᠯᠠᠭ᠎ᠠ ᠶᠠᠪᠤᠭᠤᠯᠬᠤ ᠳᠤ ᠴᠠᠭ ᠬᠡᠮᠨᠡᠬᠦ᠂ ᠠᠯᠪᠠ ᠬᠠᠭᠠᠭᠴᠢᠳ ᠤᠨ ᠠᠵᠢᠯ ᠢ ᠬᠥᠩᠭᠡᠪᠴᠢᠯᠡᠬᠦ ᠠᠴᠢ ᠬᠣᠯᠪᠣᠭᠳᠠᠯ ᠲᠠᠢ ᠶᠤᠮ ᠪᠠᠶᠢᠨ᠎ᠠ᠃
  

ᠡᠬᠢ ᠰᠤᠷᠪᠤᠯᠵᠢ ᠄IKON.MN

ᠰᠡᠳᠬᠢᠭᠳᠡᠯ ᠦᠯᠡᠳᠡᠭᠡᠬᠦ