ᠲᠦᠷᠦᠯᠬᠢ ᠰᠤᠷᠭᠠᠭᠤᠯᠢ ᠳᠤ ᠪᠠᠨ ᠺᠤᠮᠫᠢᠦ᠋ᠲᠸᠷ ᠠᠪᠴᠦ ᠦᠭᠴᠡᠢ | News.MN

ᠲᠦᠷᠦᠯᠬᠢ ᠰᠤᠷᠭᠠᠭᠤᠯᠢ ᠳᠤ ᠪᠠᠨ ᠺᠤᠮᠫᠢᠦ᠋ᠲᠸᠷ ᠠᠪᠴᠦ ᠦᠭᠴᠡᠢ

ᠭᠣᠪᠢ-ᠠᠯᠲᠠᠢ ᠠᠶᠢᠮᠠᠭ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠢ1998 ᠣᠨ ᠳᠤ ᠲᠡᠭᠦᠰᠦᠭᠰᠡᠨ 300 ᠭᠠᠷᠤᠢ ᠲᠡᠭᠦᠰᠦᠭᠴᠢ ᠬᠠᠮᠲᠤᠷᠠᠨ ᠲᠡᠭᠦᠰᠦᠯᠲᠡ ᠶᠢᠨ ᠢᠶᠡᠨ 20 ᠵᠢᠯ ᠦᠨ ᠣᠢ ᠶᠢ ᠲᠣᠬᠢᠶᠠᠯᠳᠤᠭᠤᠯᠤᠨ ᠪᠦᠲᠦᠭᠡᠯᠴᠢ ᠠᠵᠢᠯ ᠬᠢᠬᠦ ᠪᠡᠷ ᠲᠥᠯᠥᠪᠯᠡᠭᠰᠡᠨ ᠦ ᠪᠡᠨ ᠳᠠᠭᠠᠤ ᠶᠢᠰᠦᠨᠪᠤᠯᠠᠭ ᠰᠤᠮᠤ ᠶᠢᠨ ᠤᠯᠤᠰ ᠤᠨ ᠲᠡᠷᠢᠭᠦᠨ ᠦ ᠨᠢᠭᠡᠳᠦᠭᠡᠷ ᠰᠤᠷᠭᠠᠭᠤᠯᠢ ᠪᠣᠯᠤᠨ ︽ᠬᠠᠨ- ᠲᠠᠶᠢᠰᠢᠷᠢ  ᠡᠷᠳᠡᠮ ᠦᠨ ᠴᠣᠭᠴᠠᠯᠠᠪᠤᠷᠢ︾ ᠰᠤᠷᠭᠠᠭᠤᠯᠢ ᠳᠤ ᠺᠤᠮᠫᠢᠦ᠋ᠲᠸᠷ  ᠦᠨ ᠴᠣᠭᠴᠠ ᠯᠠᠪᠤᠷᠠᠲ᠋ᠣᠷᠢ ᠶᠢ ᠲᠣᠬᠢᠵᠢᠭᠤᠯᠵᠤ ᠥᠭᠪᠡ᠃
ᠣᠷᠴᠢᠨ ᠦᠶ᠎ᠡ ᠶᠢᠨ ᠲᠧᠭᠨᠣᠯᠣᠭᠢᠵᠢᠭᠰᠠᠨ ᠨᠡᠶᠢᠭᠡᠮ ᠳᠦ ᠬᠥᠯ ᠨᠡᠶᠢᠯᠡᠭᠦᠯᠦᠨ ᠴᠢᠨᠠᠭᠰᠢᠯᠠᠭᠠᠳ ᠪᠤᠰᠤᠳ ᠠᠴᠠ ᠪᠠᠨ ᠡᠮᠦᠨ᠎ᠡ ᠠᠯᠬᠤᠬᠤ ᠳᠤ ᠨᠢ ᠬᠤᠪᠢ ᠨᠡᠮᠡᠷᠢ ᠪᠡᠨ ᠣᠷᠣᠭᠤᠯᠤᠨ ᠳᠡᠭᠡᠷᠡᠬᠢ ᠰᠤᠷᠭᠠᠭᠤᠯᠢ ᠨᠤᠭᠤᠳ ᠲᠤ 50 ᠭᠠᠷᠤᠢ ᠺᠤᠮᠫᠢᠦ᠋ᠲᠸᠷ᠂ ᠳᠠᠭᠠᠯᠳᠤᠬᠤ ᠲᠧᠭᠨᠢᠭ ᠬᠡᠷᠡᠭᠰᠡᠯ ᠢ ᠤᠬᠠᠭᠠᠯᠢᠭ ᠰᠠᠮᠪᠠᠷ᠎ᠠ ᠶᠢᠨ ᠬᠠᠮᠲᠤ ᠠᠪᠴᠦ ᠥᠭᠴᠡᠢ᠃ ᠡᠨᠡᠬᠦ ᠪᠦᠲᠦᠭᠡᠯᠴᠢ ᠠᠵᠢᠯ ᠢ ᠲᠡᠭᠦᠰᠦᠭᠴᠢ  ᠮᠤᠩᠭᠤᠯ ᠠᠷᠠᠳ ᠍ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠳ ∙ ᠠᠮᠤᠷᠪᠠᠶᠠᠰᠬᠤᠯᠠᠩ ᠰᠠᠨᠠᠭᠠᠴᠢᠯᠠᠨ ᠦᠶ᠎ᠡ ᠶᠢᠨ ᠬᠢᠨ ᠲᠡᠢ ᠪᠡᠨ ᠬᠠᠮᠲᠤᠷᠠᠨ ᠵᠣᠬᠢᠶᠠᠨ ᠪᠠᠶᠢᠭᠤᠯᠵᠤ ᠡᠶᠢᠨᠬᠦ ᠬᠢᠴᠢᠶᠡᠯ ᠦᠨ ᠰᠢᠨ᠎ᠡ ᠵᠢᠯ ᠲᠡᠢ ᠵᠡᠷᠭᠡᠴᠡᠨ ᠰᠤᠷᠭᠠᠭᠤᠯᠢ ᠶᠢᠨ ᠤᠳᠤᠷᠢᠳᠤᠯᠭ᠎ᠠ ᠨᠤᠭᠤᠳ ᠪᠣᠯᠤᠨ ᠰᠤᠷᠤᠭᠴᠢᠳ ᠲᠤ ᠬᠦᠯᠢᠶᠡᠯᠭᠡᠨ ᠥᠭᠭᠦᠭᠰᠡᠨ ᠶᠤᠮ᠃
1998 ᠣᠨ ᠤ ᠲᠡᠭᠦᠰᠦᠯᠲᠡ ᠶᠢᠨ ᠬᠢᠨ 20 ᠥᠩᠭᠡᠷᠡᠭᠰᠡᠨ ᠨᠠᠢᠮᠠᠳᠤᠭᠠᠷ ᠰᠠᠷ᠎ᠠ ᠳᠤ ︽ᠲᠥᠷᠥᠯᠬᠢ ᠠᠯᠲᠠᠢ ︾ ᠲᠥᠷᠥ ᠶᠢᠨ ᠪᠤᠰᠤ ᠪᠠᠶᠢᠭᠤᠯᠤᠯᠭ᠎ᠠ ᠪᠠᠶᠢᠭᠤᠯᠤᠭᠰᠠᠨ ᠭᠡᠨ᠎ᠡ᠃ ᠡᠨᠡᠬᠦ ᠲᠥᠷᠥ ᠶᠢᠨ ᠪᠤᠰᠤ ᠪᠠᠶᠢᠭᠤᠯᠤᠯᠭ᠎ᠠ ᠶᠢᠨ ᠠᠩᠬᠠᠨ ᠤ ᠠᠵᠢᠯ ᠨᠢ ᠺᠤᠮᠫᠢᠦ᠋ᠲᠸᠷ  ᠦᠨ ᠴᠣᠭᠴᠠ ᠯᠠᠪᠤᠷᠠᠲ᠋ᠣᠷᠢ ᠶᠤᠮ ᠬᠡᠮᠡᠨ ᠲᠡᠭᠦᠰᠦᠭᠴᠢ ᠮ ∙ ᠪᠠᠲᠤ-ᠡᠷᠳᠡᠨᠢ ᠲᠠᠨᠢᠯᠴᠠᠭᠤᠯᠤᠯ᠎ᠠ᠃ ᠭᠣᠪᠢ-ᠠᠯᠲᠠᠢ ᠠᠶᠢᠮᠠᠭ ᠤᠨ ᠨᠢᠭᠡᠳᠦᠭᠡᠷ ᠰᠤᠷᠭᠠᠭᠤᠯᠢ 1996 ᠣᠨ ᠳᠤ ᠠᠩᠬᠠᠨ ᠤ ᠺᠤᠮᠫᠢᠦ᠋ᠲᠸᠷ  ᠢᠶᠡᠨ ᠰᠠᠭᠤᠷᠢᠯᠠᠭᠤᠯᠤᠨ ᠰᠤᠷᠭᠠᠯᠲᠠ ᠶᠢᠨ ᠦᠢᠯᠡ ᠠᠵᠢᠯᠯᠠᠭᠠᠨ ᠳᠤ ᠪᠠᠨ ᠠᠰᠢᠭᠯᠠᠵᠤ ᠡᠬᠢᠯᠡᠭᠰᠡᠨ ᠪᠠᠶᠢᠨ᠎ᠠ᠃ ᠲᠤᠰ ᠰᠤᠷᠭᠠᠭᠤᠯᠢ ᠨᠢ 2100 ᠰᠤᠷᠤᠭᠴᠢ ᠲᠠᠢ ᠪᠥᠭᠡᠳ ᠲᠡᠳᠡᠨ ᠦ 1400 ᠣᠷᠴᠢᠮ ᠳᠤ ᠨᠢ ᠮᠡᠳᠡᠭᠡᠯᠡᠯ ᠲᠧᠭᠨᠣᠯᠣᠭᠢ ᠶᠢᠨ ᠬᠢᠴᠢᠶᠡᠯ ᠣᠷᠣᠳᠠᠭ ᠠᠵᠠᠢ᠃ ᠡᠶᠢᠨᠬᠦ ᠨᠡᠶᠢᠲᠡ ᠰᠤᠷᠤᠭᠴᠢ ᠶᠢᠨ ᠳᠡᠶᠢᠯᠦᠩᠬᠢ ᠬᠡᠦᠬᠡᠳ ᠦᠨ ᠬᠢᠴᠢᠶᠡᠯᠯᠡᠬᠦ ᠤᠷᠴᠢᠨ ᠳᠤ ᠬᠤᠪᠢ ᠨᠡᠮᠡᠷᠢ ᠪᠡᠨ ᠣᠷᠣᠭᠤᠯᠤᠭᠰᠠᠨ 1998 ᠣᠨ ᠤ ᠨᠡᠶᠢᠲᠡ ᠲᠡᠭᠦᠰᠦᠭᠴᠢᠳ ᠲᠦ ᠪᠡᠨ ᠪᠠᠶᠠᠷᠯᠠᠵᠤ ᠪᠤᠢ ᠶᠢ ᠪᠠᠨ ᠳᠡᠭᠡᠷᠡᠬᠢ ᠰᠤᠷᠭᠠᠭᠤᠯᠢ ᠨᠤᠭᠤᠳ ᠤᠨ ᠪᠠᠭᠰᠢ᠂ ᠰᠤᠷᠭᠠᠨ ᠬᠦᠮᠦᠵᠢᠭᠦᠯᠦᠭᠴᠢ᠂ ᠰᠤᠷᠤᠭᠴᠢᠳ ᠲᠠᠯᠠᠷᠬᠠᠵᠤ ᠪᠤᠢ ᠶᠢ ᠪᠠᠨ ᠢᠯᠡᠷᠬᠡᠶᠢᠯᠡᠭᠰᠡᠨ ᠶᠤᠮ᠃
ᠡ᠊ ∙ ᠨᠠᠷᠠᠨᠭᠡᠷᠡᠯ

ᠰᠡᠳᠬᠢᠭᠳᠡᠯ ᠦᠯᠡᠳᠡᠭᠡᠬᠦ