ᠶᠠᠫᠣᠨ ᠤᠯᠤᠰ ᠲᠤ ᠵᠣᠬᠢᠶᠠᠭᠳᠠᠵᠤ ᠪᠤᠢ ᠫᠠᠷᠠᠫᠠᠦ᠋ᠷᠯᠢᠹᠲᠢᠩ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮᠠᠨ ᠤ ᠪᠠᠭ ᠲᠠᠮᠢᠷᠴᠢᠳ ᠠᠮᠵᠢᠯᠲᠠ ᠲᠠᠢ ᠥᠷᠢᠰᠦᠯᠳᠦᠵᠦ ᠪᠠᠶᠢᠨ᠎ᠠ᠃ ᠤᠭ ᠲᠡᠮᠡᠴᠡᠭᠡᠨ ᠡᠴᠡ ᠮᠤᠩᠭᠤᠯ ᠤᠯᠤᠰ ᠤᠨ ᠭᠠᠪᠢᠶᠠᠲᠤ ᠲᠠᠮᠢᠷᠴᠢᠨ ︽ ᠷᠢᠤ᠋ 2016︾ᠤᠯᠢᠮᠫᠢᠺ ᠤᠨ ᠨᠠᠭᠠᠳᠤᠮ ᠤᠨ ᠬᠦᠷᠡᠯ ᠮᠸᠳᠠᠯᠲᠤ ᠡ᠊ ∙ ᠰᠣᠳᠨᠠᠮᠫᠧᠯᠵᠡᠢ 107 ᠺᠢᠯᠦᠭᠷᠡᠮ ᠤᠨ ᠵᠢᠩ ᠳᠦ ᠥᠷᠢᠰᠦᠯᠳᠦᠨ ᠠᠯᠲᠠᠨ ᠮᠧᠳᠠᠯ ᠬᠦᠷᠲᠡᠵᠡᠢ᠃
ᠡ᠊ ∙ ᠰᠣᠳᠨᠠᠮᠫᠧᠯᠵᠡᠢ 239 ᠺᠢᠯᠦᠭᠷᠡᠮ ᠢ ᠡᠷᠭᠦᠵᠦ᠂ ᠷᠢᠤ᠋ ᠶᠢᠨ ᠫᠠᠷᠠᠯᠢᠮᠫ ᠲᠦ ᠪᠷᠠᠽᠢᠯ ᠦᠨ ᠲᠠᠮᠢᠷᠴᠢᠨ ᠤ ᠲᠣᠭᠲᠠᠭᠠᠭᠰᠠᠨ ᠫᠠᠷᠠᠯᠢᠮᠫ ᠤᠨ ᠳᠡᠭᠡᠳᠦ ᠠᠮᠵᠢᠯᠲᠠ ᠶᠢ ᠨᠢᠭᠡ ᠺᠢᠯᠦᠭᠷᠡᠮ ᠢᠶᠠᠷ ᠠᠬᠢᠭᠤᠯᠵᠤ ᠡᠮᠦᠨᠡᠬᠢ ᠠᠮᠵᠢᠯᠲᠠ ᠪᠠᠨ ᠳᠥᠷᠪᠡᠨ ᠺᠢᠯᠦᠭᠷᠡᠮ ᠢᠶᠠᠷ ᠠᠬᠢᠭᠤᠯᠤᠭᠰᠠᠨ ᠪᠠᠶᠢᠨ᠎ᠠ᠃
ᠮ ᠂ ᠠᠮᠤᠷᠵᠢᠷᠭᠠᠯ