23.5 ᠰᠠᠶ᠎ᠠ ᠲᠣᠨ ᠨᠡᠭᠦᠷᠡᠰᠦ ᠡᠺᠰᠫᠣᠷᠲᠯᠠᠵᠠᠢ | News.MN

23.5 ᠰᠠᠶ᠎ᠠ ᠲᠣᠨ ᠨᠡᠭᠦᠷᠡᠰᠦ ᠡᠺᠰᠫᠣᠷᠲᠯᠠᠵᠠᠢ

ᠭᠠᠶᠢᠯᠢ ᠶᠢᠨ ᠶᠡᠷᠦᠩᠬᠡᠢ ᠭᠠᠵᠠᠷ ᠤᠨ ᠮᠡᠳᠡᠭᠡᠯᠡᠯ ᠢᠶᠡᠷ ᠮᠣᠩᠭᠣᠯ ᠤᠯᠤᠰ ᠣᠨ ᠭᠠᠷᠤᠭᠰᠠᠨ ᠠᠴᠠ ᠬᠣᠶᠢᠰᠢ 23.5 ᠰᠠᠶ᠎ᠠ ᠲᠣᠨ ᠨᠡᠭᠦᠷᠡᠰᠦ ᠡᠺᠰᠫᠣᠷᠲᠯᠠᠭᠰᠠᠨ ᠪᠠᠶᠢᠨ᠎ᠠ᠃ ᠭᠠᠰᠢᠭᠤᠨ ᠰᠤᠬᠠᠶᠢᠲᠤ ᠪᠣᠭᠣᠮᠲᠠ ᠬᠠᠮᠤᠭ ᠤᠨ ᠶᠡᠬᠡ ᠡᠺᠰᠫᠣᠷᠲ ᠬᠢᠭᠰᠡᠨ ᠪᠣᠭᠣᠮᠲᠠ ᠪᠠᠷ ᠰᠢᠯᠭᠠᠷᠠᠵᠠᠢ᠃ ᠬᠡᠳᠦᠢ ᠪᠡᠷ ᠳᠡᠳ᠋ ᠪᠦᠲᠦᠴᠡ ᠶᠢᠨ ᠵᠠᠷᠢᠮ ᠠᠰᠠᠭᠤᠳᠠᠯ ᠪᠠᠶᠢᠭ᠎ᠠ ᠴᠤ ᠭᠠᠶᠢᠯᠢ ᠶᠢᠨ ᠶᠡᠷᠦᠩᠬᠡᠢ ᠭᠠᠵᠠᠷ ᠣᠯᠠᠨ ᠤᠯᠤᠰ ᠤᠨ ᠵᠢᠱᠢᠭ ᠲᠦ ᠨᠡᠶᠢᠴᠡᠭᠦᠯᠦᠨ ᠪᠣᠭᠣᠮᠲᠠ ᠨᠤᠭᠤᠳ ᠢ ᠬᠥᠭᠵᠢᠭᠦᠯᠬᠦ ᠪᠡᠷ ᠵᠣᠷᠢᠵᠤ ᠪᠠᠶᠢᠭ᠎ᠠ  ᠠᠵᠠᠢ᠃
ᠭᠠᠶᠢᠯᠢ ᠶᠢᠨ ᠶᠡᠷᠦᠩᠬᠡᠢ ᠭᠠᠵᠠᠷ ᠤᠨ ᠳᠡᠳ᠋ ᠳᠠᠷᠤᠭ᠎ᠠ ᠶᠣ᠊ ∙ ᠪᠠᠲᠤ-ᠡᠷᠳᠡᠨᠢ ᠄ ᠪᠣᠭᠣᠮᠲᠠ ᠨᠤᠭᠤᠳ ᠢ ᠴᠢᠳᠠᠪᠤᠷᠢᠵᠢᠭᠤᠯᠬᠤ ᠴᠢᠭᠯᠡᠯ ᠳᠦ ᠪᠢᠳᠡ ᠭᠠᠶᠢᠯᠢ ᠶᠢᠨ ᠪᠦᠷᠢᠳᠦᠭᠦᠯᠦᠯᠲᠡ ᠶᠢ ᠴᠠᠬᠢᠮ ᠪᠣᠯᠭᠠᠭᠰᠠᠨ᠃ ᠡᠮᠦᠨ᠎ᠡ ᠨᠢ ᠬᠡᠳᠦᠨ ᠬᠠᠭᠤᠳᠠᠰᠤ ᠴᠠᠭᠠᠰᠤ ᠪᠦᠷᠢᠳᠦᠭᠦᠯᠵᠦ ᠨᠡᠯᠢᠶᠡᠨ ᠴᠢᠷᠦᠭᠳᠡᠯ ᠤᠴᠠᠷᠠᠭᠤᠯᠳᠠᠭ ᠪᠠᠶᠢᠭᠰᠠᠨ ᠪᠣᠯ ᠣᠳᠣ ᠲᠤᠬᠠᠢ ᠶᠢᠨ ᠲᠡᠭᠡᠭᠡᠪᠦᠷᠢ ᠶᠢᠨ ᠬᠡᠷᠡᠭᠰᠡᠯ ᠵᠢᠩᠯᠡᠭᠳᠡᠮᠡᠭᠴᠡ ᠬᠡᠳᠦᠬᠡᠨ ᠰᠸᠺᠦ᠋ᠨᠳ᠋ ᠍ ᠦᠨ ᠳᠣᠲᠣᠷ᠎ᠠ ᠴᠠᠬᠢᠮ ᠪᠦᠷᠢᠳᠦᠭᠦᠯᠦᠯᠲᠡ ᠬᠢᠵᠦ ᠪᠠᠶᠢᠨ᠎ᠠ᠃ ᠡᠺᠰᠫᠣᠷᠲ ᠤᠨ ᠨᠡᠶᠢᠲᠡ ᠪᠦᠲᠦᠭᠡᠭᠳᠡᠬᠦᠨ ᠦ 85 ᠭᠠᠷᠤᠢ ᠬᠤᠪᠢ ᠶᠢ ᠨᠢ ᠴᠠᠬᠢᠮ ᠪᠦᠷᠢᠳᠦᠭᠦᠯᠦᠯᠲᠡ ᠳᠦ ᠬᠠᠮᠤᠷᠤᠭᠤᠯᠤᠭᠰᠠᠨ ᠬᠡᠮᠡᠨ ᠶᠠᠷᠢᠭᠰᠠᠨ ᠶᠤᠮ᠃
ᠮᠣᠩᠭᠣᠯ ᠤᠯᠤᠰ ᠤᠨ ᠡᠺᠰᠫᠣᠷᠲ ᠤᠨ ᠪᠠᠷᠠᠭ᠎ᠠ ᠪᠦᠲᠦᠭᠡᠭᠳᠡᠬᠦᠨ ᠦ 80 ᠍ ᠠᠴᠠ ᠳᠡᠭᠡᠭᠰᠢ  ᠬᠤᠪᠢ ᠶᠢ ᠡᠷᠦᠳᠡᠰᠦ ᠪᠦᠲᠦᠭᠡᠭᠳᠡᠬᠦᠨ ᠡᠵᠡᠯᠡᠵᠦ ᠪᠠᠶᠢᠨ᠎ᠠ᠃ ᠡᠨᠡ ᠲᠣᠭ᠎ᠠ ᠣᠶᠢᠷ᠎ᠠ ᠶᠢᠨ 10 ᠵᠢᠯ ᠳᠦ ᠪᠡᠨ ᠥᠭᠡᠷᠡᠴᠢᠯᠡᠭᠳᠡᠬᠦ ᠦᠭᠡᠢ ᠴᠢᠨᠠᠭᠰᠢᠳᠠ ᠥᠰᠬᠦ ᠬᠠᠨᠳᠤᠯᠭ᠎ᠠ ᠲᠠᠢ ᠪᠠᠶᠢᠭ᠎ᠠ ᠭᠡᠵᠦ ᠮᠡᠷᠭᠡᠵᠢᠯᠲᠡᠨ ᠨᠦᠭᠦᠳ ᠶᠠᠷᠢᠭᠰᠠᠨ᠃ ᠳᠠᠰᠢᠷᠠᠮ ᠳᠤ ᠳᠤᠭᠤᠯᠭᠠᠬᠤ ᠳᠤ ᠮᠣᠩᠭᠣᠯ ᠤᠯᠤᠰ ᠣᠨ ᠭᠠᠷᠤᠭᠰᠠᠨ ᠠᠴᠠ ᠬᠣᠶᠢᠰᠢ 143 ᠤᠯᠤᠰ ᠲᠠᠢ ᠬᠤᠳᠠᠯᠳᠤᠭ᠎ᠠ ᠬᠢᠵᠦ᠂ ᠭᠠᠳᠠᠭᠠᠳᠤ ᠬᠤᠳᠠᠯᠳᠤᠭᠠᠨ ᠤ ᠨᠡᠶᠢᠲᠡ ᠪᠠᠷᠠᠭ᠎ᠠ ᠡᠷᠭᠢᠯᠲᠡ 7.4 ᠲᠡᠷᠪᠤᠮ ᠳ᠋ᠣᠯᠯᠠᠷ ᠪᠠᠶᠢᠭ᠎ᠠ ᠠᠴᠠ ᠡᠺᠰᠫᠣᠷᠲ ᠤᠨ ᠬᠡᠮᠵᠢᠶ᠎ᠡ 4.1 ᠲᠡᠷᠪᠤᠮ ᠳ᠋ᠣᠯᠯᠠᠷ ᠲᠤ ᠬᠦᠷᠦᠭᠡᠳ ᠪᠠᠶᠢᠨ᠎ᠠ᠃
ᠫ᠂ ᠤᠷᠠᠨ᠎ᠠ

ᠰᠡᠳᠬᠢᠭᠳᠡᠯ ᠦᠯᠡᠳᠡᠭᠡᠬᠦ