ᠠᠵᠤ ᠠᠬᠤᠢ ᠨᠢᠭᠡᠴᠢ ᠶᠢᠨ ᠲᠣᠭ᠎ᠠ 4 ᠬᠤᠪᠢ ᠪᠠᠷ ᠥᠰᠴᠠᠢ | News.MN

ᠠᠵᠤ ᠠᠬᠤᠢ ᠨᠢᠭᠡᠴᠢ ᠶᠢᠨ ᠲᠣᠭ᠎ᠠ 4 ᠬᠤᠪᠢ ᠪᠠᠷ ᠥᠰᠴᠠᠢ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠥᠨᠥᠳᠥᠷ ᠲᠠᠨᠢᠯᠴᠠᠭᠤᠯᠤᠭᠰᠠᠨ ᠮᠣᠩᠭᠣᠯ ᠤᠯᠤᠰ ᠤᠨ ᠨᠡᠶᠢᠭᠡᠮ ᠡᠳ᠋ ᠍ ᠦᠨ ᠵᠠᠰᠠᠭ ᠤᠨ 2018 ᠣᠨ ᠤ ᠨᠠᠢᠮᠠᠳᠤᠭᠠᠷ ᠰᠠᠷ᠎ᠠ ᠶᠢᠨ ᠦᠵᠡᠭᠦᠯᠦᠯᠲᠡ ᠪᠡᠷ ᠰᠠᠷ᠎ᠠ ᠶᠢᠨ ᠳᠤᠮᠳᠠᠴᠢ ᠴᠠᠯᠢᠩ ᠢ ᠡᠨᠡ ᠣᠨ ᠤ ᠡᠬᠢᠨ ᠦ ᠬᠣᠶᠠᠳᠤᠭᠠᠷ ᠤᠯᠠᠷᠢᠯ ᠤᠨ ᠪᠠᠶᠢᠳᠠᠯ ᠢᠶᠠᠷ 1.025.600 ᠲᠥᠭᠥᠷᠢᠭ ᠬᠡᠮᠡᠨ ᠲᠣᠭᠠᠴᠠᠵᠠᠢ᠃ ᠡᠨᠡᠬᠦ ᠳ᠋ᠦᠩ ᠢᠶᠡᠨ ᠭᠠᠷᠭᠠᠬᠤ ᠳᠤ ᠪᠠᠨ ᠨᠡᠶᠢᠭᠡᠮ ᠤᠨ ᠳᠠᠭᠠᠳᠬᠠᠯ ᠤᠨ ᠶᠡᠷᠦᠩᠬᠡᠢ ᠭᠠᠵᠠᠷ ᠤᠨ ᠨᠡᠶᠢᠭᠡᠮ ᠤᠨ ᠳᠠᠭᠠᠳᠬᠠᠯ ᠤᠨ ᠰᠢᠮᠡᠳᠭᠡᠯ ᠲᠥᠯᠦᠯᠲᠡ ᠶᠢᠨ ᠲᠠᠶᠢᠯᠤᠨ ᠳᠤ ᠦᠨᠳᠦᠰᠦᠯᠡᠳᠡᠭ ᠪᠥᠭᠡᠳ 39700 ᠠᠵᠤ ᠠᠬᠤᠢ ᠶᠢᠨ ᠨᠢᠭᠡᠴᠢ ᠪᠠᠶᠢᠭᠤᠯᠤᠯᠭ᠎ᠠ ᠶᠢᠨ 636500 ᠠᠵᠢᠯᠲᠠᠨ ᠬᠠᠮᠤᠷᠤᠭᠳᠠᠭᠰᠠᠨ ᠪᠠᠶᠢᠨ᠎ᠠ᠃ ᠰᠢᠮᠡᠳᠭᠡᠯ ᠲᠥᠯᠦᠵᠦ ᠪᠤᠢ ᠠᠵᠤ ᠠᠬᠤᠢ ᠶᠢᠨ ᠨᠢᠭᠡᠴᠢ ᠪᠠᠶᠢᠭᠤᠯᠤᠯᠭ᠎ᠠ ᠶᠢᠨ ᠲᠣᠭ᠎ᠠ ᠡᠮᠦᠨᠡᠬᠢ ᠣᠨ ᠤ ᠮᠥᠨ ᠦᠶᠡᠰ 1500 ᠪᠤᠶᠤ 4.0 ᠬᠤᠪᠢ ᠪᠠᠷ ᠂ ᠡᠮᠦᠨᠡᠬᠢ ᠤᠯᠠᠷᠢᠯ ᠠᠴᠠ 900 ᠪᠤᠶᠤ 2.4  ᠬᠤᠪᠢ ᠪᠠᠷ ᠥᠰᠦᠭᠰᠡᠨ ᠪᠣᠯ ᠠᠵᠢᠯᠯᠠᠭᠴᠢᠳ ᠡᠮᠦᠨᠡᠬᠢ ᠣᠨ ᠤ ᠮᠥᠨ ᠦᠶᠡᠰ 41700 ᠪᠤᠶᠤ 7.0 ᠬᠤᠪᠢ ᠂ ᠡᠮᠦᠨᠡᠬᠢ ᠤᠯᠠᠷᠢᠯ ᠠᠴᠠ 34400 ᠪᠤᠶᠤ 5.7  ᠬᠤᠪᠢ ᠪᠠᠷ ᠲᠤᠰ ᠲᠤᠰ ᠨᠡᠮᠡᠭᠳᠡᠵᠡᠢ᠃
ᠬᠠᠷᠢᠨ ᠨᠡᠶᠢᠭᠡᠮ ᠤᠨ ᠳᠠᠭᠠᠳᠬᠠᠯ ᠲᠥᠯᠦᠵᠦ ᠪᠤᠢ ᠡᠳᠡᠭᠡᠷ ᠠᠵᠢᠯᠯᠠᠭᠴᠢᠳ ᠤᠨ 7.4 ᠬᠤᠪᠢ ᠪᠤᠶᠤ 46900 ᠨᠢ 240000 ᠲᠥᠭᠥᠷᠢᠭ ᠬᠦᠷᠲᠡᠯᠡᠬᠢ ᠴᠠᠯᠢᠩ ᠲᠠᠢ ᠪᠠᠶᠢᠨ᠎ᠠ᠃ ᠡᠶᠢᠮᠦ ᠬᠡᠮᠵᠢᠶᠡᠨ ᠦ ᠴᠠᠯᠢᠩ ᠲᠠᠢ ᠢᠷᠭᠡᠳ ᠦᠨ ᠲᠣᠭ᠎ᠠ ᠡᠮᠦᠨᠡᠬᠢ ᠤᠯᠠᠷᠢᠯ ᠠᠴᠠ 3500 ᠍ ᠪᠠᠷ ᠨᠡᠮᠡᠭᠳᠡᠭᠰᠡᠨ ᠪᠣᠯ 500000-700000 ᠲᠥᠭᠥᠷᠢᠭ ᠦᠨ ᠴᠠᠯᠢᠩ ᠲᠠᠢ ᠠᠵᠢᠯᠯᠠᠭᠴᠢᠳ 2000 ᠍ ᠪᠠᠷ ᠪᠠᠭᠤᠷᠠᠭᠰᠠᠨ ᠦᠵᠡᠭᠦᠯᠦᠯᠲᠡ ᠲᠡᠢ ᠪᠠᠶᠢᠨ᠎ᠠ᠃

ᠮ ᠂ ᠠᠮᠤᠷᠵᠢᠷᠭᠠᠯ

ᠰᠡᠳᠬᠢᠭᠳᠡᠯ ᠦᠯᠡᠳᠡᠭᠡᠬᠦ