ᠤᠯᠠᠭᠠᠨᠪᠠᠭᠠᠲᠤᠷ ᠲᠤ ᠰᠣᠯᠣᠩᠭᠣᠰ ᠤᠨ ᠰᠤᠶᠤᠯ ᠤᠨ ᠳᠣᠯᠣᠭ᠎ᠠ ᠬᠣᠨᠣᠭ ᠪᠣᠯᠤᠨ᠎ᠠ | News.MN

ᠤᠯᠠᠭᠠᠨᠪᠠᠭᠠᠲᠤᠷ ᠲᠤ ᠰᠣᠯᠣᠩᠭᠣᠰ ᠤᠨ ᠰᠤᠶᠤᠯ ᠤᠨ ᠳᠣᠯᠣᠭ᠎ᠠ ᠬᠣᠨᠣᠭ ᠪᠣᠯᠤᠨ᠎ᠠ

ᠡᠨᠡ ᠰᠠᠷ᠎ᠠ ᠶᠢᠨ 15 ᠍- 25 ᠍ ᠤ ᠡᠳᠦᠷ ᠦᠳ ᠲᠦ ᠤᠯᠠᠭᠠᠨᠪᠠᠭᠠᠲᠤᠷ ᠬᠤᠲᠠᠨ᠎ᠠ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠡᠯᠴᠢᠨ ᠰᠠᠶᠢᠳ ᠤᠨ  ᠶᠠᠮᠤᠨ ᠠᠴᠠ Korea Week in Mongolia-2018 ᠰᠣᠯᠣᠩᠭᠣᠰ ᠤᠨ ᠰᠤᠶᠤᠯ ᠤᠨ ᠳᠣᠯᠣᠭ᠎ᠠ ᠬᠣᠨᠣᠭ ᠠᠷᠭ᠎ᠠ ᠬᠡᠮᠵᠢᠶ᠎ᠡ ᠵᠣᠬᠢᠶᠠᠨ ᠪᠠᠶᠢᠭᠤᠯᠬᠤ ᠪᠠᠨ ᠮᠡᠳᠡᠭᠳᠡᠯ᠎ᠡ᠃
ᠰᠣᠯᠣᠩᠭᠣᠰ ᠤᠨ ᠰᠤᠶᠤᠯ ᠤᠨ ᠳᠣᠯᠣᠭ᠎ᠠ ᠬᠣᠨᠣᠭ ᠢ ᠰᠸᠦ᠋ᠯ ᠭᠤᠳᠤᠮᠵᠢᠨ ᠤ ᠦᠵᠡᠭᠦᠯᠦᠯᠭᠡ᠂  ᠲᠠᠺᠸᠠᠨᠳᠤ᠋ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠰᠣᠯᠣᠩᠭᠣᠰ ᠺᠢᠨᠣ᠋ ᠦᠵᠡᠭᠦᠯᠦᠯᠭᠡ᠂ ᠭᠣ ᠳᠠᠭᠠᠮ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠭᠡᠰᠡᠨ ᠳᠥᠷᠪᠡᠨ ᠦᠨᠳᠦᠰᠦᠨ ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠬᠤ ᠪᠠᠷ ᠲᠥᠯᠥᠪᠯᠡᠭᠡᠳ ᠪᠠᠶᠢᠭ᠎ᠠ ᠪᠠᠨ  ᠳᠤᠭᠤᠯᠭᠠᠪᠠ᠃ ᠡᠨᠡᠬᠦ ᠠᠷᠭ᠎ᠠ ᠬᠡᠮᠵᠢᠶᠡᠨ ᠦ ᠣᠨᠴᠠᠯᠢᠭ ᠨᠢ ᠵᠠᠳᠠᠭᠠᠢ ᠲᠠᠯᠠᠪᠠᠢ ᠳᠤ ᠴᠢᠯᠦᠭᠡᠲᠦ ᠠᠭᠤᠷ ᠠᠮᠢᠰᠬᠤᠯ ᠳᠤᠮᠳᠠ ᠵᠠᠯᠠᠭᠤᠰ ᠢ ᠣᠷᠤᠯᠴᠠᠭᠤᠯᠬᠤ ᠪᠥᠭᠡᠳ ᠣᠳᠣ ᠪᠠᠷ ᠮᠣᠩᠭᠣᠯ ᠤᠨ ᠶᠡᠬᠡ ᠳᠡᠭᠡᠳᠦ ᠰᠤᠷᠭᠠᠭᠤᠯᠢ ᠶᠢᠨ 150 ᠭᠠᠷᠤᠢ ᠣᠶᠤᠲᠠᠨ᠂ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ 20 ᠭᠠᠷᠤᠢ  ᠣᠶᠤᠲᠠᠨ ᠡᠨᠡᠬᠦ ᠠᠷᠭ᠎ᠠ ᠬᠡᠮᠵᠢᠶᠡᠨ ᠦ ᠵᠣᠬᠢᠶᠠᠨ ᠪᠠᠶᠢᠭᠤᠯᠤᠯᠲᠠ ᠳᠤ ᠣᠷᠣᠯᠴᠠᠵᠤ ᠪᠠᠶᠢᠭ᠎ᠠ ᠶᠢ ᠵᠣᠬᠢᠶᠠᠨ ᠪᠠᠶᠢᠭᠤᠯᠤᠭᠴᠢᠳ ᠣᠨᠴᠠᠯᠠᠵᠤ ᠪᠠᠶᠢᠨ᠎ᠠ᠃ ᠲᠤᠬᠠᠶᠢᠯᠠᠪᠠᠯ᠂ ᠰᠸᠦ᠋ᠯ  ᠦᠨ ᠭᠤᠳᠤᠮᠵᠢᠨ ᠤ ᠦᠵᠡᠭᠦᠯᠦᠯᠭᠡ ᠡᠨᠡ ᠰᠠᠷ᠎ᠠ ᠶᠢᠨ 15 ᠍ ᠳᠦ 16᠄00 ᠴᠠᠭ ᠠᠴᠠ᠂ 16 ᠍ ᠳᠦ 15᠄00 ᠴᠠᠭ ᠠᠴᠠ ᠪᠤᠶᠤ ᠢᠷᠡᠬᠦ ᠠᠮᠠᠷᠠᠯᠲᠠ ᠶᠢᠨ ᠡᠳᠦᠷ ᠦᠳ ᠲᠦ ᠬᠣᠲᠠ ᠶᠢᠨ ᠲᠥᠪ ᠲᠦ ︽ᠭᠡᠷᠡᠯᠲᠦ ᠭᠤᠳᠤᠮᠵᠢ︾ ᠍ ᠳᠦ ᠡᠬᠢᠯᠡᠬᠦ ᠠᠵᠠᠢ᠃
ᠠᠷᠭ᠎ᠠ ᠬᠡᠮᠵᠢᠶᠡᠨ ᠦ ᠦᠨᠳᠦᠰᠦᠨ ᠬᠥᠲᠥᠯᠪᠦᠷᠢ ᠳᠦ ᠰᠣᠯᠣᠩᠭᠣᠰ ᠤᠨ ᠦᠨᠳᠦᠰᠦᠨ ᠦ  ᠤᠷᠠᠯᠢᠭ ᠤᠨ ᠺᠣᠨᠼᠧᠷᠲ᠂ ᠮᠣᠩᠭᠣᠯ ᠰᠣᠯᠣᠩᠭᠣᠰ ᠦᠨᠳᠦᠰᠦᠨ ᠦ ᠬᠤᠪᠴᠠᠰᠤᠨ ᠤ ᠫᠠᠷᠠᠳ᠋᠂ ᠮᠣᠩᠭᠣᠯ ᠰᠣᠯᠣᠩᠭᠣᠰ ᠠᠯᠳᠠᠷᠲᠤ ᠳᠠᠭᠤᠴᠢᠳ ᠤᠨ ᠣᠷᠣᠯᠴᠠᠭᠰᠠᠨ ᠰᠸᠦ᠋ᠯ  ᠦᠨ ᠭᠤᠳᠤᠮᠵᠢᠨ ᠤ ᠫᠠᠷᠲ᠋ᠢ᠂ ᠺ-ᠫᠣᠫ ᠣᠳᠣᠳ ᠤᠨ ᠺᠣᠨᠼᠧᠷᠲ᠂ ᠬᠠᠮᠲᠤᠷᠠᠭᠰᠠᠨ ᠤᠷᠠᠯᠢᠭ ᠤᠨ ᠲᠣᠭᠯᠠᠯᠲᠠ ᠪᠣᠯᠵᠤ᠂ ᠰᠣᠯᠣᠩᠭᠣᠰ ᠦᠨᠳᠦᠰᠦᠨ ᠦ ᠬᠣᠭᠣᠯᠠ ᠠᠮᠲᠠᠯᠠᠵᠤ᠂ ᠲᠣᠭᠯᠠᠭᠠᠮ ᠨᠠᠭᠠᠳᠭᠠᠢ ᠲᠠᠢ ᠲᠠᠨᠢᠯᠴᠠᠬᠤ ᠠᠰᠠᠷ ᠤᠳ ᠢᠷᠭᠡᠳ ᠲᠦ ᠦᠢᠯᠡᠴᠢᠯᠡᠬᠦ ᠶᠤᠮ ᠪᠠᠶᠢᠨ᠎ᠠ᠃ ᠲᠡᠭᠦᠨᠴᠢᠯᠡᠨ ᠰᠣᠯᠣᠩᠭᠣᠰ ᠤᠨ ᠤᠯᠠᠮᠵᠢᠯᠠᠯᠲᠤ ᠫᠠᠳᠦᠶᠢᠺ ᠪᠤᠶᠤ ᠭᠣ ᠳᠠᠭᠠᠮ ᠤᠨ ᠲᠡᠮᠡᠴᠡᠭᠡᠨ ᠡᠨᠡ ᠰᠠᠷ᠎ᠠ ᠶᠢᠨ 15 ᠍ ᠳᠦ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠡᠯᠴᠢᠨ ᠰᠠᠶᠢᠳ ᠤᠨ ᠶᠠᠮᠤᠨ ᠤ 1 ᠳᠠᠪᠬᠤᠷ ᠲᠤ ᠪᠣᠯᠬᠤ ᠪᠥᠭᠡᠳ ᠮᠣᠩᠭᠣᠯ᠂ ᠰᠣᠯᠣᠩᠭᠣᠰ᠂ ᠶᠠᠫᠣᠨ᠂ ᠬᠢᠲᠠᠳ ᠵᠡᠷᠭᠡ ᠣᠯᠠᠨ ᠤᠯᠤᠰ ᠤᠨ ᠲᠠᠮᠢᠷᠴᠢᠳ ᠤᠷᠤᠯᠴᠠᠬᠤ ᠠᠵᠡᠢ᠃ ᠮᠥᠨ ᠰᠣᠯᠣᠩᠭᠣᠰ ᠤᠨ ᠺᠢᠨᠣ᠋  ᠦᠵᠡᠭᠦᠯᠦᠯᠭᠡ ᠶᠢᠨ ᠬᠦᠷᠢᠶᠡᠨ ᠳᠦ ᠡᠨᠡ ᠰᠠᠷ᠎ᠠ ᠶᠢᠨ 18᠂ 19 ᠍ ᠳᠦ i Cinema ᠺᠢᠨᠣ᠋ ᠲᠢᠶᠠᠲ᠋ᠷ ᠲᠤ Little Forest᠂ Kai ᠬᠡᠦᠬᠡᠯᠳᠡᠢ ᠶᠢᠨ ᠺᠢᠨᠤ᠋ ᠶᠢ ᠦᠨ᠎ᠡ ᠲᠥᠯᠦᠪᠦᠷᠢ ᠦᠭᠡᠢ ᠭᠠᠷᠭᠠᠬᠤ ᠪᠠᠷ ᠲᠥᠯᠥᠪᠯᠡᠭᠰᠡᠨ ᠪᠠᠶᠢᠨ᠎ᠠ᠃
ᠳ ᠂ ᠲᠤᠶᠠᠭ᠎ᠠ

ᠰᠡᠳᠬᠢᠭᠳᠡᠯ ᠦᠯᠡᠳᠡᠭᠡᠬᠦ