ᠢᠨᠳᠧᠺᠰ ᠦᠳ ᠤᠨᠠᠵᠤ᠂ ᠠᠮᠠ.ᠳ᠋ᠣᠯᠯᠠᠷ ᠥᠰᠴᠢ ᠪᠠᠶᠢᠨ᠎ᠠ | News.MN

ᠢᠨᠳᠧᠺᠰ ᠦᠳ ᠤᠨᠠᠵᠤ᠂ ᠠᠮᠠ.ᠳ᠋ᠣᠯᠯᠠᠷ ᠥᠰᠴᠢ ᠪᠠᠶᠢᠨ᠎ᠠ

ᠲᠦᠺ ᠳ᠋ᠡᠬᠢ ᠸᠠᠯᠦᠲ᠋ᠠ ᠶᠢᠨ ᠬᠢᠮᠤᠷᠠᠯ ᠤᠨ ᠡᠷᠦᠰᠳᠡᠯ ᠡᠴᠡ ᠬᠥᠷᠥᠩᠭᠡ ᠣᠷᠣᠭᠤᠯᠤᠭᠴᠢᠳ 《ᠵᠢᠭᠤᠳᠠᠵᠤ》 ᠪᠤᠢ ᠨᠢ ᠠᠮᠧᠷᠢᠺᠠ ᠶᠢᠨ ᠨᠢᠭᠡᠳᠦᠭᠰᠡᠨ ᠤᠯᠤᠰ ᠶᠢᠨ ᠵᠠᠬ᠎ᠠ ᠵᠡᠭᠡᠯᠢ ᠳᠡᠭᠡᠷ᠎ᠡ ᠦᠨ᠎ᠡ ᠤᠨᠠᠬᠤ ᠭᠣᠣᠯ ᠰᠢᠯᠲᠠᠭᠠᠨ ᠪᠣᠯᠵᠤ ᠪᠠᠶᠢᠨ᠎ᠠ. Standard ᠊ Poor〈s 500 ᠪᠠ Dow Jones Industrial Average ᠳᠦᠩᠭᠡ ᠪᠡᠨ ᠳᠥᠷᠪᠡᠨ ᠤᠯᠠᠷᠢᠯ ᠤᠨ ᠲᠤᠷᠰᠢᠳᠠ ᠤᠨᠠᠭᠠᠵᠤ ᠪᠠᠶᠢᠨ᠎ᠠ᠃ ᠢᠨᠲ᠋ᠧᠷᠹᠠᠺᠰ ᠤᠨ ᠮᠡᠳᠡᠭᠡᠯᠡᠭᠰᠡᠨ ᠢᠶᠡᠷ᠂ ᠥᠨᠥᠳᠥᠷ ᠳᠡᠯᠡᠬᠡᠢ ᠬᠢᠮᠤᠷᠠᠯ ᠤᠨ ᠱᠠᠲᠤ ᠪᠠᠨ ᠳᠠᠪᠠᠨ ᠲᠤᠭᠤᠯᠬᠤ ᠭᠡᠵᠦ ᠣᠷᠣᠯᠳᠤᠵᠤ ᠪᠠᠶᠢᠨ᠎ᠠ᠃ ᠵᠠᠬ᠎ᠠ ᠵᠡᠭᠡᠯᠢ ᠮᠠᠰᠢ ᠡᠷᠦᠰᠳᠡᠯ ᠲᠡᠢ ᠪᠠᠶᠢᠨ᠎ᠠ᠃ ᠤᠴᠢᠷ ᠨᠢ᠂ ᠶᠠᠮᠠᠷ ᠴᠤ ᠰᠧᠨᠰᠠᠼᠢ ᠮᠡᠳᠡᠭᠡᠯᠡᠯ ᠬᠥᠷᠥᠩᠭᠡ ᠣᠷᠣᠭᠤᠯᠤᠭᠴᠢᠳ ᠤᠨ ᠬᠤᠪᠢ ᠳᠤ ᠠᠶᠢᠳᠠᠰ ᠨᠢ ᠪᠣᠯᠤᠭᠠᠳ ᠪᠠᠶᠢᠭ᠎ᠠ ᠭᠡᠪ᠃

ᠡᠭᠦᠨ ᠡᠴᠡ ᠭᠠᠳᠠᠨ᠎ᠠ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠺᠣᠮᠫᠠᠨᠢ ᠨᠤᠭᠤᠳ ᠤᠨ ᠳᠣᠲᠣᠭᠠᠳᠤ ᠠᠰᠠᠭᠤᠳᠠᠯ ᠨᠥᠬᠥᠴᠡᠯ ᠪᠠᠶᠢᠳᠠᠯ ᠳᠤ ᠰᠥᠷᠭᠡᠷ᠎ᠡ ᠨᠥᠯᠦᠭᠡᠯᠡᠵᠦ ᠪᠠᠶᠢᠨ᠎ᠠ᠃ ᠲᠣᠳᠣᠷᠠᠭᠤᠯᠪᠠᠯ᠂ Tesla Inc ᠺᠣᠮᠫᠠᠨᠢ ᠶᠢᠨ ᠵᠠᠷᠢᠮ ᠬᠥᠷᠥᠩᠭᠡ ᠣᠷᠣᠭᠤᠯᠤᠭᠴᠢᠳ ᠮᠠᠰᠺ ᠢ ᠬᠤᠪᠢᠴᠠᠭ᠎ᠠ ᠶᠢ ᠪᠠᠨ ᠡᠷᠭᠢᠭᠦᠯᠦᠨ ᠠᠪᠬᠤ ᠲᠥᠯᠥᠪᠯᠡᠭᠡ ᠲᠠᠨᠢᠯᠴᠠᠭᠤᠯᠤᠭᠰᠠᠨ ᠤ ᠳᠠᠷᠠᠭᠠᠬᠠᠨ ᠲᠡᠭᠦᠨ ᠢ ᠰᠢᠭᠦᠬᠦ ᠳᠦ ᠥᠭᠭᠦᠭᠰᠡᠨ ᠪᠢᠯᠡ᠃ ᠤᠴᠢᠷ ᠨᠢ᠂ ᠲᠡᠭᠦᠨ ᠦ ᠮᠡᠳᠡᠭᠳᠡᠯ ᠬᠥᠷᠥᠩᠭᠡ ᠣᠷᠣᠭᠤᠯᠤᠭᠴᠢᠳ ᠢ ᠲᠥᠭᠡᠷᠢᠭᠳᠡᠭᠦᠯᠵᠦ ᠪᠠᠶᠢᠨ᠎ᠠ ᠬᠡᠮᠡᠨ ᠦᠵᠡᠭᠰᠡᠨ ᠠᠵᠡᠢ᠃ ᠡᠭᠦᠨ ᠡᠴᠡ ᠪᠣᠯᠤᠭᠠᠳ Tesla ᠍ ᠦᠨ ᠬᠥᠷᠦᠩᠭᠡᠵᠢᠯᠲᠡ 0.4 ᠬᠤᠪᠢᠶᠠᠷᠢ ᠪᠠᠭᠤᠷᠠᠵᠠᠢ. Netflix ᠺᠣᠮᠫᠠᠨᠢ ᠶᠢᠨ ᠰᠠᠩᠬᠦᠦ ᠬᠠᠷᠢᠭᠤᠴᠠᠭᠰᠠᠨ ᠵᠠᠬᠢᠷᠤᠯ ᠣᠭᠴᠣᠷᠠᠬᠤ ᠡᠷᠭᠦᠳᠡᠯ ᠢᠶᠡᠨ ᠥᠭᠭᠦᠭᠰᠡᠨ ᠡᠴᠡ ᠬᠣᠶᠢᠰᠢ ᠬᠤᠪᠢᠴᠠᠭ᠎ᠠ ᠨᠢ 1.3 ᠬᠤᠪᠢᠶᠠᠷᠢ ᠬᠢᠮᠳᠠᠷᠠᠪᠠ᠃ ᠮᠥᠨ VF Corp ᠍ ᠦᠨ ᠬᠤᠪᠢᠴᠠᠭᠠᠨ ᠤ ᠦᠨ᠎ᠡ 3.6 ᠬᠤᠪᠢᠶᠠᠷᠢ ᠤᠨᠠᠪᠠ᠃ ᠳᠡᠯᠡᠬᠡᠢ ᠳᠦ ᠠᠯᠳᠠᠷᠲᠠᠢ ᠵᠠᠭᠪᠤᠷ ᠤᠨ᠂ ᠰᠫᠣᠷᠲ ᠤᠨ ᠪᠣᠯᠤᠨ ᠠᠵᠢᠯ ᠤᠨ ᠬᠤᠪᠴᠠᠰᠤᠨ ᠤ ᠪᠷᠡᠨᠳ ᠦᠳ ᠢ ᠡᠵᠡᠮᠰᠢᠳᠡᠭ ᠲᠤᠰ ᠺᠣᠮᠫᠠᠨᠢ ᠪᠷᠡᠩᠳᠡᠭᠦᠦ ᠳᠦ ᠪᠡᠨ ᠢᠯᠭᠠᠵᠤ᠂ ᠲᠤᠰ ᠲᠤ ᠨᠢ ᠹᠢᠷᠮ ᠪᠠᠶᠢᠭᠤᠯᠤᠨ᠂ ᠬᠤᠪᠢᠴᠠᠭ᠎ᠠ ᠶᠢ ᠨᠢ ᠪᠢᠷᠵᠢ ᠳᠡᠭᠡᠷ᠎ᠡ ᠬᠤᠳᠠᠯ ᠳᠤ ᠬᠢ ᠪᠠᠨ ᠵᠠᠷᠯᠠᠭᠰᠠᠨ᠃ ᠲᠤᠰ ᠺᠣᠷᠫᠣᠷᠠᠼᠢ ᠳᠤ Wrangler ᠪᠠ Lee ᠪᠣᠯᠤᠨ Rustlers ᠪᠠ Rock and Republic ᠪᠠᠭᠲᠠᠳᠠᠭ᠃ ᠲᠡᠭᠦᠨᠴᠢᠯᠡᠨ Planet Fitness Inc ᠦᠨᠡᠲᠦ ᠴᠠᠭᠠᠰᠤᠨ ᠤ ᠦᠨ᠎ᠡ ᠳᠡᠭᠡᠳᠦ ᠠᠮᠵᠢᠯᠲᠠ ᠲᠣᠭᠲᠠᠭᠠᠭᠰᠠᠨ ᠤ ᠪᠠᠨ ᠳᠠᠷᠠᠭᠠᠬᠠᠨ 5.7 ᠬᠤᠪᠢᠶᠠᠷᠢ ᠤᠨᠠᠪᠠ᠃

DIA ᠠᠷᠠᠯᠵᠢᠶᠠᠨ ᠤ ᠰᠡᠭᠦᠯ ᠦᠨ ᠳᠥᠷᠪᠡᠨ ᠡᠳᠦᠷ 1.8 ᠬᠤᠪᠢ᠂ ᠬᠠᠷᠢᠨ S᠊P500 1.47 ᠬᠤᠪ ᠤᠨ ᠠᠯᠳᠠᠭᠳᠠᠯ ᠲᠠᠢ ᠪᠠᠶᠢᠪᠠ᠃ ᠬᠠᠷᠢᠨ ᠡᠨᠡ ᠦᠶ᠎ᠡ ᠳᠦ ᠳ᠋ᠣᠯᠯᠠᠷ ᠤᠨ ᠢᠨᠳᠧᠺᠰ 1.5 ᠬᠤᠪᠢᠶᠠᠷᠢ ᠥᠰᠦᠭᠰᠡᠨ ᠪᠠᠶᠢᠨ᠎ᠠ᠃ ᠥᠭᠡᠷ᠎ᠡ ᠪᠡᠷ ᠬᠡᠯᠡᠪᠡᠯ᠂ ᠬᠥᠷᠥᠩᠭᠡ ᠶᠢᠨ ᠪᠣᠯᠤᠨ ᠸᠠᠯᠦᠲ᠋ᠠ ᠶᠢᠨ ᠵᠠᠬ᠎ᠠ ᠵᠡᠭᠡᠯᠢ ᠶᠢᠨ ᠳ᠋ᠢᠨᠠᠮᠢᠺ ᠬᠠᠷᠢᠯᠴᠠᠨ ᠬᠠᠮᠢᠶᠠᠷᠤᠯ ᠲᠠᠢ ᠪᠥᠭᠡᠳ ᠬᠥᠷᠥᠩᠭᠡ ᠣᠷᠣᠭᠤᠯᠤᠭᠴᠢᠳ ᠬᠥᠷᠥᠩᠭᠡ ᠪᠡᠨ ᠡᠷᠦᠰᠳᠡᠯ ᠲᠡᠢ ᠢᠨᠳᠧᠺᠰ ᠡᠴᠡ ᠨᠠᠶᠢᠳᠠᠪᠤᠷᠢᠲᠠᠢ ᠳ᠋ᠣᠯᠯᠠᠷ ᠷᠤ ᠰᠢᠯᠵᠢᠭᠦᠯᠵᠦ ᠪᠠᠶᠢᠨ᠎ᠠ᠃ ᠰᠢᠨᠵᠢᠭᠡᠴᠢᠳ ᠦᠨ ᠬᠠᠷᠠᠵᠤ ᠪᠤᠢ ᠪᠠᠷ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠢᠨᠳᠧᠺᠰ ᠦᠳ ᠦᠨ ᠳ᠋ᠢᠨᠠᠮᠢᠺ ᠣᠳᠣ ᠶᠢᠨ ᠪᠠᠶᠢᠳᠠᠯ ᠢᠶᠠᠷ ᠲᠣᠭᠲᠠᠪᠤᠷᠢᠲᠠᠢ ᠪᠠᠶᠢᠭ᠎ᠠ ᠴᠤ ᠡᠨᠡ ᠨᠢ ᠠᠺᠲ᠋ᠢᠸ ᠤᠨ ᠲᠣᠭᠲᠠᠪᠤᠷᠢᠲᠠᠢ᠂ ᠨᠠᠶᠢᠳᠠᠪᠤᠷᠢᠲᠠᠢ ᠪᠠᠶᠢᠳᠠᠯ ᠤᠨ ᠪᠠᠲᠤᠯᠠᠭ᠎ᠠ ᠪᠣᠯᠵᠤ ᠴᠢᠳᠠᠬᠤ ᠦᠭᠡᠢ ᠭᠡᠪ᠃ ᠬᠠᠷᠢᠨ ᠬᠥᠷᠥᠩᠭᠡ ᠶᠢᠨ ᠵᠠᠬ᠎ᠠ ᠵᠡᠭᠡᠯᠢ ᠳᠡᠭᠡᠷ᠎ᠡ ᠡᠭᠦᠰᠦᠭᠡᠳ ᠪᠠᠶᠢᠭ᠎ᠠ ᠤᠨᠠᠯᠲᠠ ᠨᠢ ᠲᠦᠺ ᠤᠨ ᠬᠢᠮᠤᠷᠠᠯ ᠲᠠᠢ ᠬᠣᠯᠪᠣᠭ᠎ᠠ ᠲᠠᠢ ᠪᠥᠭᠡᠳ ᠡᠨᠡ ᠨᠢ ᠪᠤᠰᠤᠳ ᠬᠥᠷᠥᠩᠭᠡ ᠶᠢᠨ ᠵᠠᠬ᠎ᠠ ᠵᠡᠭᠡᠯᠢ ᠳᠦ ᠨᠦᠯᠦᠭᠡᠯᠡᠬᠦ ᠸᠢᠢ ᠭᠡᠳᠡᠭ ᠠᠶᠢᠳᠠᠰ ᠬᠥᠷᠥᠩᠭᠡ ᠣᠷᠣᠭᠤᠯᠤᠭᠴᠢᠳ ᠤᠨ ᠳᠤᠮᠳᠠ ᠡᠭᠦᠰᠦᠭᠡᠳ ᠪᠠᠶᠢᠭ᠎ᠠ ᠠᠵᠢ᠃

ᠰᠡᠳᠬᠢᠭᠳᠡᠯ ᠦᠯᠡᠳᠡᠭᠡᠬᠦ