ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠦᠨ ᠳᠤᠷᠠᠰᠬᠠᠯ ᠢ ᠵᠢᠯ ᠪᠦᠷᠢ ᠶᠢᠨ ᠶᠢᠰᠦᠳᠦᠭᠡᠷ ᠰᠠᠷ᠎ᠠ ᠶᠢᠨ 10 ᠍ ᠤ ᠡᠳᠦᠷ ᠬᠦᠨᠳᠦᠳᠬᠡᠨ ᠳᠤᠷᠠᠰᠳᠠᠭ ᠶᠤᠮ᠃ ᠡᠨᠡᠬᠦ ᠡᠳᠦᠷ ᠢ ᠲᠣᠬᠢᠶᠠᠯᠳᠤᠭᠤᠯᠤᠨ ᠮᠣᠩᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ᠂ ᠮᠣᠩᠭᠣᠯ ᠤᠯᠤᠰ ᠤᠨ ᠶᠡᠬᠡ ᠬᠤᠷᠠᠯ ᠤᠨ ᠳᠠᠷᠤᠭ᠎ᠠ ᠮ ∙ ᠡᠩᠬᠡᠪᠣᠯᠤᠳ᠂ ᠮᠣᠩᠭᠣᠯ ᠤᠯᠤᠰ ᠤᠨ ᠶᠡᠷᠦᠩᠬᠡᠢ ᠰᠠᠶᠢᠳ ᠤ᠊ ∙ ᠬᠦᠷᠡᠯᠰᠦ᠋ᠬᠡ᠂ ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠶᠢᠭᠤᠯᠬᠤ ᠤᠯᠤᠰ ᠤᠨ ᠺᠣᠮᠢᠰ ᠤᠨ ᠳᠠᠷᠤᠭ᠎ᠠ ᠶ ᠂ ᠰᠠᠩᠵᠠᠮᠢᠳᠤᠪ ᠨᠠᠷ ᠬᠡᠯᠮᠡᠭᠳᠡᠭᠰᠡᠳ ᠦᠨ ᠬᠦᠰᠢᠶᠡᠨ ᠳᠦ ᠴᠡᠴᠡᠭ ᠡᠷᠭᠦᠯ᠎ᠡ᠃ ᠮᠥᠨ ᠬᠡᠯᠮᠡᠭᠳᠡᠭᠰᠡᠳ ᠢ ᠳᠤᠷᠠᠰᠤᠨ ᠰᠠᠨᠠᠵᠤ᠂ ᠬᠦᠨᠳᠦᠳᠬᠡᠯ ᠦᠵᠡᠭᠦᠯᠬᠦ ᠪᠡᠷ ᠢᠷᠡᠭᠰᠡᠨ ᠵᠠᠷᠢᠮ ᠤᠯᠤᠰ ᠤᠨ ᠶᠡᠬᠡ ᠬᠤᠷᠠᠯ ᠤᠨ ᠭᠡᠰᠢᠭᠦᠨ᠂ ᠤᠯᠤᠰ ᠲᠥᠷᠥ ᠶᠢᠨ ᠨᠠᠮ ᠤᠨ ᠲᠥᠯᠥᠭᠡᠯᠡᠯ ᠦᠳ᠂ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠥᠯᠥᠭᠡᠯᠡᠯ᠂ ᠢᠷᠭᠡᠳ ᠦᠨ ᠲᠥᠯᠥᠭᠡᠯᠡᠯ ᠬᠡᠯᠮᠡᠭᠳᠡᠭᠰᠡᠳ ᠦᠨ ᠬᠦᠰᠢᠶᠡᠨ ᠳᠦ ᠴᠡᠴᠡᠭ ᠡᠷᠭᠦᠵᠦ᠂ ᠬᠦᠨᠳᠦᠳᠬᠡᠯ ᠦᠵᠡᠭᠦᠯᠪᠡ᠃
ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠶᠢᠭᠤᠯᠬᠤ ᠤᠯᠤᠰ ᠤᠨ ᠺᠣᠮᠢᠰ ᠤᠨ ᠮᠡᠳᠡᠭᠡᠯᠡᠭᠰᠡᠨ ᠢᠶᠡᠷ᠂ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠴᠢ ᠶᠢᠨ ᠳᠤᠷᠠᠰᠬᠠᠯ ᠢ ᠮᠥᠩᠬᠡᠵᠢᠭᠦᠯᠬᠦ ᠵᠣᠷᠢᠯᠭ᠎ᠠ ᠶᠢᠨ ᠬᠦᠷᠢᠶᠡᠨ ᠳᠦ ᠬᠡᠯᠮᠡᠭᠳᠡᠭᠴᠢ ᠶᠢᠨ ᠨᠠᠮᠲᠠᠷ ᠤᠨ 40 ᠭᠠᠷᠤᠢ ᠰᠤᠳᠤᠯᠭᠠᠨ ᠤ ᠨᠣᠮ ᠲᠣᠪᠬᠢᠮᠠᠯ᠂ ᠡᠷᠳᠡᠮ ᠰᠢᠨᠵᠢᠯᠡᠭᠡᠨ ᠦ ᠬᠤᠷᠠᠯ ᠤᠨ ᠡᠮᠬᠢᠳᠬᠡᠯ᠂ ︽ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠰᠡᠳ ᠦᠨ ᠨᠠᠮᠲᠠᠷ ᠤᠨ ᠲᠣᠪᠴᠢᠶᠠᠨ ︾ ᠪᠠᠷᠢᠮᠲᠠ ᠪᠢᠴᠢᠭ ᠦᠨ ᠡᠮᠬᠢᠳᠬᠡᠯ ᠵᠡᠷᠭᠡ 20 ᠪᠣᠲᠢ ᠨᠣᠮ᠂ 30378 ᠬᠡᠯᠮᠡᠭᠳᠡᠭᠴᠢ ᠶᠢᠨ ᠮᠡᠳᠡᠭᠡᠯᠡᠯ ᠢ ᠪᠠᠭᠲᠠᠭᠠᠭᠰᠠᠨ ︽ᠴᠠᠭᠠᠨ ᠨᠣᠮ︾ ᠍ ᠤᠨ 1-4 ᠪᠣᠲᠢ ᠶᠢ ᠬᠡᠪᠯᠡᠭᠦᠯᠦᠨ ᠣᠯᠠᠨ ᠤ ᠬᠦᠷᠲᠡᠭᠡᠯ ᠪᠣᠯᠭᠠᠭᠰᠠᠨ ᠪᠠᠶᠢᠨ᠎ᠠ᠃
ᠮᠥᠨ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠴᠢ ᠶᠢ ᠴᠠᠭᠠᠳᠬᠠᠬᠤ᠂ ᠲᠡᠳᠡᠨ ᠳᠦ ᠨᠦᠬᠦᠨ ᠣᠯᠭᠣᠪᠤᠷᠢ ᠣᠯᠭᠣᠬᠤ ᠲᠤᠬᠠᠢ ᠬᠠᠤᠯᠢ ᠮᠥᠷᠳᠡᠭᠳᠡᠵᠦ ᠡᠬᠢᠯᠡᠭᠰᠡᠨ ᠡᠴᠡ ᠬᠣᠶᠢᠰᠢ 20 ᠵᠢᠯ ᠦᠨ ᠬᠤᠭᠤᠴᠠᠭᠠᠨ ᠳᠤ ᠤᠯᠤᠰ ᠲᠥᠷᠥ ᠶᠢᠨ ᠬᠢᠯᠢᠰ ᠬᠡᠷᠡᠭ ᠲᠦ ᠬᠡᠯᠮᠡᠭᠳᠡᠭᠴᠢ᠂ ᠲᠡᠳᠡᠨ ᠦ ᠭᠡᠷ ᠪᠦᠯᠢ᠂ ᠠᠴᠢ ᠵᠢᠭᠡ ᠪᠣᠯᠬᠤ 18 ᠮᠢᠩᠭ᠎ᠠ ᠭᠠᠷᠤᠢ ᠢᠷᠭᠡᠨ ᠳᠦ 16.3 ᠲᠡᠷᠪᠤᠮ ᠲᠥᠭᠥᠷᠢᠭ ᠦᠨ ᠨᠦᠬᠦᠨ ᠣᠯᠭᠣᠪᠤᠷᠢ᠂ ᠬᠠᠷᠢᠨ ᠠᠮᠢᠳᠤ ᠰᠡᠷᠢᠭᠦᠨ ᠪᠠᠶᠢᠭ᠎ᠠ ᠬᠡᠯᠮᠡᠭᠳᠡᠭᠴᠢ᠂ ᠨᠠᠰᠤ ᠪᠠᠷᠠᠭᠰᠠᠨ ᠬᠡᠯᠮᠡᠭᠳᠡᠭᠴᠢ ᠶᠢᠨ ᠡᠬᠡᠨᠡᠷ ︵ᠨᠥᠬᠥᠷ ︶ ᠪᠣᠯᠬᠤ 153 ᠢᠷᠭᠡᠨ ᠳᠦ ᠣᠷᠣᠨ ᠰᠠᠭᠤᠴᠠ᠂ 204 ᠢᠷᠭᠡᠨ ᠳᠦ ᠣᠷᠣᠨ ᠰᠠᠭᠤᠴᠠ ᠣᠷᠣᠯᠠᠭᠰᠠᠨ ᠮᠥᠩᠭᠥᠨ ᠣᠯᠭᠣᠪᠤᠷᠢ ᠣᠯᠭᠤᠵᠤ ᠂ ᠨᠡᠶᠢᠲᠡ 357 ᠢᠷᠭᠡᠨ ᠳᠦ 3.3 ᠲᠡᠷᠪᠤᠮ ᠦᠨ ᠣᠷᠣᠨ ᠰᠠᠭᠤᠴᠠ ᠪᠣᠯᠤᠨ ᠲᠡᠭᠦᠨ ᠲᠡᠢ ᠳᠦᠢᠴᠡᠬᠦ ᠬᠡᠮᠵᠢᠶᠡᠨ ᠦ ᠪᠤᠴᠠᠯᠲᠠ ᠦᠭᠡᠢ ᠲᠤᠰᠠᠯᠠᠮᠵᠢ ᠣᠯᠭᠤᠵᠠᠢ᠃
ᠡᠬᠢ ᠰᠤᠷᠪᠤᠯᠵᠢ ᠄ IKON.MN