ᠶ ᠂ ᠰᠠᠩᠵᠠᠮᠢᠳᠤᠪ ᠡᠷᠳᠡᠨᠢᠲᠤ ᠶᠢᠨ ᠲᠠᠯ᠎ᠠ ᠪᠠᠷ | News.MN

ᠶ ᠂ ᠰᠠᠩᠵᠠᠮᠢᠳᠤᠪ ᠡᠷᠳᠡᠨᠢᠲᠤ ᠶᠢᠨ ᠲᠠᠯ᠎ᠠ ᠪᠠᠷ

-ᠤᠯᠤᠰ ᠤᠨ ᠶᠡᠬᠡ ᠬᠤᠷᠠᠯ ᠠᠴᠠ ︽ᠡᠷᠳᠡᠨᠢᠲᠦ ᠦᠢᠯᠡᠳᠪᠦᠷᠢ ︾ ᠶᠢ ᠰᠢᠯᠭᠠᠬᠤ ᠠᠵᠢᠯ ᠤᠨ ᠬᠡᠰᠡᠭ ᠪᠠᠶᠢᠭᠤᠯᠵᠤ᠂ ᠲᠠ ᠠᠬᠠᠯᠠᠭᠰᠠᠨ᠃ ᠠᠵᠢᠯ ᠤᠨ ᠬᠡᠰᠡᠭ ᠦᠨ ᠠᠵᠢᠯ ᠶᠠᠮᠠᠷ ᠱᠠᠲᠤᠨ ᠳᠤ ᠪᠠᠨ ᠶᠠᠪᠤᠵᠤ ᠪᠠᠶᠢᠭ᠎ᠠ  ︖

-《ᠡᠷᠳᠡᠨᠢᠲᠦ ᠦᠢᠯᠡᠳᠪᠦᠷᠢ 》ᠪᠠᠲᠤᠯᠠᠭ᠎ᠠ ᠭᠠᠷᠭᠠᠵᠤ ᠥᠭᠭᠦᠭᠰᠡᠨ ᠠᠰᠠᠭᠤᠳᠠᠯ ᠤᠨ  ᠲᠠᠯ᠎ᠠ ᠪᠠᠷ ᠯᠤᠨᠳᠤᠨ ᠤ ᠠᠷᠪᠢᠲ᠋ᠧᠷ ᠤᠨ ᠰᠢᠭᠦᠬᠦ  ᠰᠢᠢᠳᠪᠦᠷᠢ ᠭᠠᠷᠤᠭᠰᠠᠨ᠃ ᠰᠢᠭᠦᠬᠦ ᠶᠢᠨ ᠰᠢᠢᠳᠪᠦᠷᠢ ᠶᠢ ᠬᠡᠷᠡᠭᠵᠢᠭᠦᠯᠬᠦ ᠠᠰᠠᠭᠤᠳᠠᠯ ᠪᠤᠶᠤ ᠲᠥᠯᠥᠪᠦᠷᠢ ᠪᠡᠨ ᠮᠣᠩᠭᠣᠯ ᠤᠨ ᠲᠠᠯ᠎ᠠ ᠥᠭᠭᠦᠭᠡ ᠦᠭᠡᠢ ᠪᠠᠶᠢᠭᠰᠠᠨ ᠤᠴᠢᠷ ᠠᠴᠠ ᠰᠲ᠋ᠠᠨᠳᠠᠷᠲ ᠪᠠᠩᠬᠢᠨ ᠠᠴᠠ ᠠᠷᠪᠢᠲ᠋ᠧᠷ ᠤᠨ ᠰᠢᠭᠦᠬᠦ ᠳᠦ ᠳᠠᠬᠢᠨ ᠬᠠᠨᠳᠤᠵᠤ᠂ 105 ᠰᠠᠶ᠎ᠠ ᠳ᠋ᠣᠯᠯᠠᠷ ᠤᠨ ᠲᠥᠯᠥᠪᠦᠷᠢ ᠶᠢ ᠲᠥᠯᠥᠭᠦᠯᠬᠦ ᠠᠵᠢᠯᠯᠠᠭ᠎ᠠ ᠶᠠᠪᠤᠭᠤᠯᠵᠤ ᠥᠭᠭᠦᠭᠡᠴᠢ ᠭᠡᠰᠡᠨ ᠠᠰᠠᠭᠤᠳᠠᠯ ᠢ ᠲᠠᠯᠪᠢᠭᠠᠳ ᠳᠣᠯᠣᠳᠤᠭᠠᠷ ᠰᠠᠷ᠎ᠠ ᠶᠢᠨ 6 ᠍ ᠳᠦ ᠬᠤᠷᠠᠯᠳᠤᠭᠰᠠᠨ᠃ ᠡᠨᠡ ᠨᠢ ᠠᠵᠤ ᠠᠬᠤᠢ ᠶᠢᠨ ᠨᠢᠭᠡᠴᠢ ᠬᠣᠭᠣᠷᠣᠨᠳᠣ ᠶᠢᠨ ᠮᠠᠷᠭᠤᠭᠠᠨ᠃ ᠠᠵᠤ ᠠᠬᠤᠢ ᠶᠢᠨ ᠨᠢᠭᠡᠴᠢ ᠪᠣᠯᠪᠠᠴᠤ ᠲᠥᠷᠥ ᠶᠢᠨ ᠥᠮᠴᠢᠲᠤ ᠠᠵᠤ ᠠᠬᠤᠢ ᠶᠢᠨ ᠺᠣᠮᠫᠠᠨᠢ ᠰᠢᠦ ᠳ᠋ᠡ᠃ ᠠᠵᠢᠯ ᠤᠨ ᠬᠡᠰᠡᠭ ᠨᠠᠮᠤᠷ ᠤᠨ ᠴᠢᠭᠤᠯᠭᠠᠨ ᠨᠡᠭᠡᠭᠡᠭᠳᠡᠬᠦ ᠦᠶ᠎ᠡ ᠪᠡᠷ ᠲᠠᠶᠢᠯᠤᠨ ᠢ ᠪᠠᠨ ᠲᠠᠯᠪᠢᠨ᠎ᠠ᠃
-ᠡᠨᠡ ᠲᠥᠯᠥᠪᠦᠷᠢ ᠶᠢ ᠵᠠᠰᠠᠭ ᠤᠨ ᠭᠠᠵᠠᠷ ᠲᠦᠯᠦᠬᠦ ᠦᠦ ᠂ ᠡᠷᠳᠡᠨᠢᠲᠦ ᠦᠢᠯᠡᠳᠪᠦᠷᠢ ᠲᠦᠯᠦᠬᠦ ᠦᠦ ︖
-ᠦᠢᠯᠡᠳᠪᠦᠷᠢ ᠶᠢᠨ 51 ᠬᠤᠪᠢ ᠶᠢ ᠬᠠᠷᠢᠭᠤᠴᠠᠵᠤ ᠪᠠᠶᠢᠭ᠎ᠠ ᠲᠠᠯ᠎ᠠ ᠨᠢ ᠲᠥᠯᠦᠨ᠎ᠡ ᠭᠡᠪᠡᠯ ᠵᠠᠰᠠᠭ ᠤᠨ ᠭᠠᠵᠠᠷ 100 ᠬᠤᠪᠢ ᠬᠠᠷᠢᠭᠤᠴᠠᠨ᠎ᠠ᠃ 49 ᠬᠤᠪᠢ ᠶᠢ ᠠᠪᠤᠭᠰᠠᠨ ᠲᠠᠯ᠎ᠠ ᠠᠰᠢᠭ ᠢᠶᠠᠨ ᠴᠤ ᠠᠪᠴᠤ ᠪᠠᠶᠢᠭ᠎ᠠ ᠪᠠᠶᠢᠬᠤ᠃ ᠲᠡᠭᠡᠪᠡᠯ ᠠᠯᠳᠠᠭᠳᠠᠯ ᠢᠶᠠᠨ ᠴᠤ ᠬᠦᠯᠢᠶᠡᠨ᠎ᠡ᠃ ᠲᠡᠶᠢᠮᠦ ᠡᠴᠡ ᠬᠣᠶᠠᠷ ᠲᠠᠯ᠎ᠠ ᠠᠯᠢ ᠠᠯᠢ ᠨᠢ ᠠᠯᠳᠠᠭᠳᠠᠯ ᠬᠦᠯᠢᠶᠡᠨ᠎ᠡ᠃

-ᠠᠩᠭᠯᠢ ᠶᠢᠨ ᠳᠡᠭᠡᠳᠦ ᠰᠢᠭᠦᠬᠦ ᠶᠢᠨ ᠳᠣᠯᠣᠳᠤᠭᠠᠷ ᠰᠠᠷ᠎ᠠ ᠶᠢᠨ 6 ᠍ ᠳᠦ ᠭᠠᠷᠭᠠᠭᠰᠠᠨ ᠰᠢᠢᠳᠪᠦᠷᠢ ᠶᠢ ᠲᠠ ᠬᠠᠷᠠᠭᠰᠠᠨ ᠤᠤ ᠂ ᠶᠠᠭ ᠬᠡᠳᠦᠢ ᠬᠡᠮᠵᠢᠶᠡᠨ ᠦ ᠲᠥᠯᠥᠪᠦᠷᠢ ᠲᠥᠯᠥᠬᠦ ᠶᠢ ᠱᠠᠭᠠᠷᠳᠠᠭᠰᠠᠨ ᠪᠤᠢ ︖
-ᠡᠷᠳᠡᠨᠢᠲᠦ ᠦᠢᠯᠡᠳᠪᠦᠷᠢ ᠳᠡᠭᠡᠷ᠎ᠡ ᠪᠡᠨ ᠪᠢᠴᠢᠭ ᠡᠨᠡ ᠲᠡᠷᠡ ᠨᠢ ᠢᠷᠡᠭᠰᠡᠨ ᠪᠠᠶᠢᠭ᠎ᠠ᠃ ᠲᠡᠶᠢᠮᠦ ᠡᠴᠡ ᠮᠣᠩᠭᠣᠯ ᠤᠨ ᠲᠥᠷᠥ ᠠᠪᠤᠭᠰᠠᠨ ᠢᠶᠠᠨ ᠲᠥᠯᠦᠨ᠎ᠡ᠃ ᠢᠩᠭᠢᠬᠦ ᠳᠦ ᠪᠡᠨ ᠲᠥᠯᠥᠪᠦᠷᠢ ᠪᠡᠨ ᠠᠯᠢ ᠪᠣᠯᠬᠤ ᠪᠠᠭᠤᠷᠠᠭᠤᠯᠬᠤ ᠴᠢᠭᠯᠡᠯ ᠢᠶᠡᠷ ᠠᠵᠢᠯᠯᠠᠵᠤ ᠪᠠᠶᠢᠨ᠎ᠠ᠃ ᠲᠡᠭᠦᠨ ᠡᠴᠡ 105 ᠰᠠᠶ᠎ᠠ ᠳ᠋ᠣᠯᠯᠠᠷ ᠤᠨ ᠲᠥᠯᠥᠪᠦᠷᠢ ᠲᠠᠯᠪᠢᠭᠠᠳ ᠰᠠᠭᠠᠯᠢ ᠶᠢᠨ ᠭᠠᠭᠴᠠ ᠦᠨᠢᠶ᠎ᠡ ᠪᠡᠨ ᠠᠯᠳᠠᠴᠢᠬᠠᠨ᠎ᠠ ᠭᠡᠵᠦ ᠣᠶᠢᠯᠠᠭᠠᠵᠤ ᠪᠣᠯᠬᠤ ᠦᠭᠡᠢ᠃ ᠠᠩᠭᠯᠢ ᠶᠢᠨ ᠳᠡᠭᠡᠳᠦ ᠰᠢᠭᠦᠬᠦ ᠶᠢᠨ ᠰᠢᠢᠳᠪᠦᠷᠢ ᠡᠴᠦᠰ ᠦᠨ ᠰᠢᠢᠳᠪᠦᠷᠢ᠃ ᠪᠢᠳᠡ ᠬᠡᠯᠡᠯᠴᠡᠭᠡᠳ ᠵᠣᠬᠢᠴᠠᠭᠤᠯᠬᠤ ᠦᠭᠡᠢ ᠪᠣᠯ ᠮᠠᠨ ᠤ ᠤᠯᠤᠰ ᠤᠨ ᠭᠠᠳᠠᠭᠠᠳᠤ ᠠᠴᠠ ᠠᠪᠴᠤ ᠪᠠᠶᠢᠭ᠎ᠠ ᠵᠢᠭᠡᠯᠡ ᠶᠢ ᠬᠢᠵᠠᠭᠠᠷᠯᠠᠬᠤ᠂ ᠤᠳᠤᠷᠢᠳᠤᠯᠭ᠎ᠠ ᠨᠤᠭᠤᠳ ᠤᠨ ᠭᠠᠳᠠᠭᠠᠳᠤ ᠶᠠᠪᠤᠵᠤ ᠭᠡᠷ᠎ᠡ ᠬᠡᠯᠡᠯᠴᠡᠭᠡᠷ ᠬᠢᠬᠦ ᠶᠢ ᠬᠤᠷᠢᠭᠯᠠᠬᠤ ᠭᠡᠳ ᠣᠯᠠᠨ ᠡᠮᠵᠡᠭ ᠠᠰᠠᠭᠤᠳᠠᠯ ᠪᠠᠶᠢᠨ᠎ᠠ᠃
-ᠡᠭᠡᠯᠵᠢᠲᠦ ᠪᠤᠰᠤ ᠴᠢᠭᠤᠯᠭᠠᠨ ᠵᠠᠷᠯᠠᠬᠤ ᠤᠤ ᠂ ᠳᠠᠷᠤᠭ᠎ᠠ ᠶᠢᠨ ᠵᠥᠪᠯᠡᠯ ᠳᠡᠭᠡᠷ᠎ᠡ ᠶᠠᠭᠤ ᠭᠡᠵᠦ ᠶᠠᠷᠢᠵᠤ ᠪᠠᠶᠢᠭ᠎ᠠ ᠪᠤᠢ ︖
-ᠳᠠᠷᠤᠭ᠎ᠠ ᠶᠢᠨ ᠵᠥᠪᠯᠡᠯ ᠡᠴᠡ ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ ᠶᠢ ᠭᠡᠰᠢᠭᠦᠳ ᠢᠶᠡᠨ ᠴᠤᠭᠯᠠᠭᠤᠯᠵᠤ ᠬᠤᠷᠠᠯᠳᠤᠭᠤᠯ ᠭᠡᠳᠡᠭ ᠴᠢᠭᠯᠡᠯ ᠥᠭᠭᠦᠭᠰᠡᠨ᠃ ᠬᠠᠤᠯᠢ ᠵᠦᠢ ᠶᠢᠨ ᠪᠠᠶᠢᠩᠭᠤ ᠶᠢᠨ ᠬᠣᠷᠢᠶ᠎ᠠ ᠬᠤᠷᠠᠯᠳᠤᠩᠭᠤᠲᠠ ᠳᠠᠷᠤᠭ᠎ᠠ ᠶᠢᠨ ᠵᠥᠪᠯᠡᠯ ᠬᠤᠷᠠᠯᠳᠤᠭᠠᠳ ᠡᠭᠡᠯᠵᠢᠲᠦ ᠪᠤᠰᠤ ᠵᠠᠷᠯᠠᠶ᠎ᠠ ᠭᠡᠰᠡᠨ ᠪᠠᠶᠢᠭ᠎ᠠ᠃
ᠭ ᠂ ᠢᠲᠡᠭᠡᠯ

ᠰᠡᠳᠬᠢᠭᠳᠡᠯ ᠦᠯᠡᠳᠡᠭᠡᠬᠦ