ᠰᠤᠮᠤ ᠬᠦᠭᠵᠢᠭᠦᠯᠬᠦ ᠰᠠᠩ ᠤᠨ ᠵᠢᠭᠡᠯᠡᠯᠭᠡ  ᠦᠷᠭᠦᠯᠵᠢᠯᠡᠵᠦ ᠪᠠᠶᠢᠨ᠎ᠠ | News.MN

ᠰᠤᠮᠤ ᠬᠦᠭᠵᠢᠭᠦᠯᠬᠦ ᠰᠠᠩ ᠤᠨ ᠵᠢᠭᠡᠯᠡᠯᠭᠡ  ᠦᠷᠭᠦᠯᠵᠢᠯᠡᠵᠦ ᠪᠠᠶᠢᠨ᠎ᠠ

ᠳᠤᠮᠳᠠᠭᠤᠪᠢ ᠠᠶᠢᠮᠠᠭ ᠤᠨ ᠰᠠᠶᠢᠨᠴᠠᠭᠠᠨ ᠰᠤᠮᠤ ᠶᠢᠨ  ᠰᠤᠮᠤ ᠬᠦᠭᠵᠢᠭᠦᠯᠬᠦ ᠰᠠᠩ ᠦᠨ ᠲᠥᠰᠥᠯ ᠦᠨ  ᠵᠢᠭᠡᠯᠡᠯᠭᠡ ᠶᠢᠨ 9 ᠣᠷᠴᠢᠮ ᠬᠤᠪᠢ ᠨᠢ ᠬᠤᠭᠤᠴᠠᠭ᠎ᠠ ᠬᠡᠲᠦᠷᠡᠭᠰᠡᠨ ᠪᠠᠶᠢᠨ᠎ᠠ᠃ 2011 ᠣᠨ ᠳᠤ ᠰᠤᠮᠤ ᠬᠦᠭᠵᠢᠭᠦᠯᠬᠦ ᠰᠠᠩ  ᠤᠨ ᠲᠥᠰᠥᠯ ᠦᠨ ᠵᠢᠭᠡᠯᠡ ᠣᠯᠭᠤᠵᠤ ᠡᠬᠢᠯᠡᠭᠰᠡᠨ ᠡᠴᠡ ᠬᠣᠶᠢᠰᠢ ᠨᠡᠶᠢᠲᠡ 258 ᠦᠢᠯᠡᠳᠪᠦᠷᠢᠯᠡᠭᠴᠢᠳ᠂ ᠪᠢᠽᠢᠨᠧᠰ ᠡᠷᠬᠢᠯᠡᠭᠴᠢᠳ ᠲᠥᠰᠥᠯ ᠳᠦ ᠬᠠᠮᠤᠷᠤᠭᠳᠠᠨ ᠵᠢᠭᠡᠯᠡ ᠠᠪᠤᠭᠰᠠᠨ ᠠᠴᠠ ᠣᠳᠣ ᠶᠢᠨ ᠪᠠᠶᠢᠳᠠᠯ ᠢᠶᠠᠷ 118 ᠪᠢᠽᠢᠨᠧᠰ ᠡᠷᠬᠢᠯᠡᠭᠴᠢ ᠵᠢᠭᠡᠯᠡ  ᠶᠢᠨ ᠦᠯᠡᠳᠡᠭᠳᠡᠯ ᠲᠡᠢ᠂ ᠲᠡᠭᠦᠨ ᠡᠴᠡ 65 ᠵᠢᠭᠡᠯᠡᠳᠦᠭᠴᠢ ᠬᠤᠭᠤᠴᠠᠭ᠎ᠠ  ᠬᠡᠲᠦᠷᠡᠭᠦᠯᠦᠭᠰᠡᠨ ᠪᠠ ᠲᠡᠳᠡᠨ ᠦ ᠳᠡᠶᠢᠯᠦᠩᠬᠢ ᠨᠢ 2011-2016 ᠣᠨ ᠳᠤ ᠵᠢᠭᠡᠯᠡ ᠠᠪᠤᠭᠰᠠᠨ ᠠᠵᠡᠢ᠃
ᠰᠡᠭᠦᠯ ᠦᠨ ᠬᠣᠶᠠᠷ ᠵᠢᠯ ᠳᠦ ᠵᠢᠭᠡᠯᠡᠳᠦᠭᠴᠢ ᠪᠡᠨ ᠰᠤᠳᠤᠯᠵᠤ᠂ ᠵᠢᠭᠡᠯᠡᠳᠦᠭᠴᠢᠳ  ᠪᠠᠷᠢᠴᠠᠭ᠎ᠠ ᠬᠥᠷᠥᠩᠭᠡ᠂ ᠦᠢᠯᠡᠳᠪᠦᠷᠢᠯᠡᠯ ᠡᠷᠬᠢᠯᠡᠵᠦ ᠪᠠᠶᠢᠭ᠎ᠠ  ᠪᠠᠶᠢᠳᠠᠯ᠂  ᠪᠠᠭᠠᠽ ᠰᠠᠭᠤᠷᠢ᠂ ᠪᠤᠰᠤᠳ ᠪᠠᠩᠬᠢ᠂ ᠪᠠᠩᠬᠢ ᠪᠤᠰᠤ ᠰᠠᠩᠬᠦᠦ ᠶᠢᠨ ᠪᠠᠶᠢᠭᠤᠯᠤᠯᠭ᠎ᠠ ᠳᠤ ᠵᠢᠭᠡᠯᠡ ᠦᠭᠡᠢ ᠪᠠᠶᠢᠬᠤ ᠵᠡᠷᠭᠡ ᠰᠢᠯᠭᠠᠭᠤᠷ ᠢ ᠲᠠᠯᠪᠢᠵᠤ᠂ ᠵᠢᠭᠡᠯᠡᠭᠡ ᠣᠯᠭᠤᠭᠰᠠᠨ ᠤ ᠦᠷ᠎ᠡ  ᠳ᠋ᠦᠩ ᠳᠦ ᠡᠷᠭᠢᠨ ᠲᠥᠯᠦᠯᠲᠡ ᠨᠢ ᠰᠠᠶᠢᠵᠢᠷᠠᠵᠤ ᠪᠠᠶᠢᠭ᠎ᠠ ᠶᠤᠮ ᠪᠠᠶᠢᠨ᠎ᠠ᠃
2018 ᠣᠨ ᠳᠤ 9  ᠳ᠋ᠤᠭᠡᠷ ᠰᠠᠷ᠎ᠠ ᠶᠢᠨ ᠪᠠᠶᠢᠳᠠᠯ ᠢᠶᠠᠷ 16  ᠦᠢᠯᠡᠳᠪᠤᠷᠢᠯᠡᠭᠴᠢ ᠳᠤ 242.7 ᠰᠠᠶ᠎ᠠ ᠲᠥᠭᠥᠷᠢᠭ ᠦᠨ ᠵᠢᠭᠡᠯᠡ ᠣᠯᠭᠤᠭᠠᠳ ᠪᠠᠶᠢᠭ᠎ᠠ ᠪᠠ ᠰᠤᠮᠤ ᠬᠦᠭᠵᠢᠭᠦᠯᠬᠦ ᠰᠠᠩ ᠍ ᠦᠨ ᠣᠷᠣᠨ ᠲᠣᠭᠠᠨ ᠤ ᠪᠤᠰᠤ ᠵᠥᠪᠯᠡᠯ ᠢᠶᠡᠷ ᠡᠨᠡ ᠵᠢᠯ ᠳᠦ ᠪᠡᠨ 28-29 ᠲᠥᠰᠥᠯ ᠢ  ᠰᠠᠩᠬᠦᠦᠵᠢᠭᠦᠯᠬᠦ ᠪᠡᠷ ᠪᠠᠲᠤᠯᠠᠵᠠᠢ᠃
ᠳ ∙ ᠠᠯᠲᠠᠨᠲ᠋ᠣᠭᠣᠰ

ᠰᠡᠳᠬᠢᠭᠳᠡᠯ ᠦᠯᠡᠳᠡᠭᠡᠬᠦ