ᠷᠧᠰᠲ᠋ᠣᠷᠠᠨ ᠤ ᠪᠢᠽᠢᠨ᠋ᠧᠰ᠂ ᠵᠣᠴᠢᠯᠠᠬᠤ ᠦᠢᠯᠡᠴᠢᠯᠡᠭᠡᠨ ᠦ ᠰᠠᠯᠪᠠᠷ ᠤᠨ ᠬᠢᠨ ᠤ ᠴᠤᠭᠯᠠᠷᠠᠬᠤ ᠲᠠᠯᠠᠪᠤᠷ | News.MN

ᠷᠧᠰᠲ᠋ᠣᠷᠠᠨ ᠤ ᠪᠢᠽᠢᠨ᠋ᠧᠰ᠂ ᠵᠣᠴᠢᠯᠠᠬᠤ ᠦᠢᠯᠡᠴᠢᠯᠡᠭᠡᠨ ᠦ ᠰᠠᠯᠪᠠᠷ ᠤᠨ ᠬᠢᠨ ᠤ ᠴᠤᠭᠯᠠᠷᠠᠬᠤ ᠲᠠᠯᠠᠪᠤᠷ

ᠤᠯᠠᠭᠠᠨᠪᠠᠭᠠᠲᠤᠷ ᠬᠣᠲᠠᠳ ᠯᠠ ᠭᠡᠬᠦ ᠳᠦ ᠵᠢᠯ ᠪᠦᠷᠢ ᠮᠠᠰᠢ ᠣᠯᠠᠨ ᠷᠧᠰᠲ᠋ᠣᠷᠠᠨ᠂ ᠺᠣᠹᠧ ᠱᠣᠫ᠂ ᠫᠠᠪ ᠺᠯᠤᠶᠢᠪ ᠰᠢᠨ᠎ᠡ ᠪᠡᠷ ᠨᠡᠭᠡᠭᠡᠭᠳᠡᠵᠦ ᠬᠡᠷᠡᠭᠯᠡᠭᠴᠢᠳ᠂ ᠦᠢᠯᠡᠴᠢᠯᠡᠭᠦᠯᠦᠭᠴᠢ ᠨᠠᠷ ᠤᠨ ᠰᠣᠩᠭᠣᠯᠲᠠ ᠤᠯᠠᠮ ᠥᠷᠢᠰᠦᠯᠳᠦᠭᠡᠨ ᠲᠡᠢ ᠣᠯᠠᠨ ᠪᠣᠯᠤᠭᠰᠠᠭᠠᠷ ᠯᠠ..᠃ ᠡᠨᠡᠬᠦ ᠰᠠᠯᠪᠤᠷᠢ ᠥᠰᠦᠨ ᠬᠥᠭᠵᠢᠬᠦ ᠶᠢᠨ ᠬᠢᠷᠢ ᠪᠡᠷ ᠲᠤᠰᠠ ᠪᠢᠽᠢᠨ᠋ᠧᠰ ᠲᠦ ᠮᠡᠷᠭᠡᠵᠢᠯ ᠦᠨ᠂ ᠰᠲ᠋ᠠᠨᠳᠠᠷᠲ ᠤᠨ ᠪᠠᠶᠢᠬᠤ ᠵᠡᠷᠭᠡ ᠠᠰᠠᠭᠤᠳᠠᠯ ᠤᠳ ᠲᠠᠯᠪᠢᠭᠳᠠᠭᠰᠠᠭᠠᠷ ᠪᠠᠶᠢᠨ᠎ᠠ᠃ ᠬᠠᠷᠢᠨ ᠡᠨᠡ ᠵᠢᠯ ᠠᠩᠬ᠎ᠠ ᠤᠳᠤᠭ᠎ᠠ ᠪᠠᠨ ᠷᠧᠰᠲ᠋ᠣᠷᠠᠨ ᠤ ᠪᠢᠽᠢᠨ᠋ᠧᠰ ᠦᠨ ᠰᠠᠯᠪᠤᠷᠢ ᠶᠢᠨ RestoEXPO2018 ᠦᠵᠡᠰᠬᠦᠯᠡᠩ
2018/09/17-19 ᠨᠢᠭᠢ ᠬᠣᠭᠣᠷᠣᠨᠳᠣ ᠵᠣᠬᠢᠶᠠᠨ ᠪᠠᠶᠢᠭᠤᠯᠤᠭᠳᠠᠬᠤ ᠭᠡᠵᠦ ᠪᠠᠶᠢᠭ᠎ᠠ ᠲᠠᠯᠠᠭᠠᠷᠬᠢ ᠰᠠᠶᠢᠬᠠᠨ ᠮᠡᠳᠡᠭᠡ ᠶᠢ ᠳᠠᠭᠤᠯᠠᠯ᠎ᠠ᠃ ᠴᠤᠬᠤᠮ ᠶᠠᠮᠠᠷ ᠣᠨᠴᠠᠯᠢᠭ ᠲᠠᠢ ᠠᠷᠭ᠎ᠠ ᠬᠡᠮᠵᠢᠶ᠎ᠡ ᠪᠣᠯᠬᠤ ᠭᠡᠵᠦ ᠪᠠᠶᠢᠭ᠎ᠠ ᠲᠠᠯᠠᠭᠠᠷᠬᠢ ᠮᠡᠳᠡᠭᠡᠯᠡᠯ ᠢ ᠲᠤᠰ ᠦᠵᠡᠰᠬᠦᠯᠡᠩ ᠦᠨ ᠶᠡᠷᠦᠩᠬᠡᠢ ᠵᠣᠬᠢᠶᠠᠨ ᠪᠠᠶᠢᠭᠤᠯᠤᠭᠴᠢ ᠳ ∙ ᠪᠦᠵᠦᠩᠯᠬᠤᠮ ᠠᠴᠠ ᠲᠣᠳᠣᠷᠠᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ