《ᠳᠡᠯᠡᠬᠡᠢ ᠶᠢᠨ ᠨᠡᠭᠦᠳᠡᠯᠴᠢᠳ ᠦᠨ3 ᠳ᠋ᠤᠭᠠᠷ ᠨᠠᠭᠠᠳᠤᠮ 》 ᠺᠢᠷᠭᠢᠽᠰᠲ᠋ᠠᠨ ᠤ ᠴᠤᠯᠫᠠᠨ-ᠠᠲ᠋ᠠ ᠬᠤᠲᠠ ᠪᠤᠶᠤ ᠠᠯᠳᠠᠷᠲᠤ ᠢᠰᠰᠸᠺᠦ᠋ᠯ ᠨᠠᠭᠤᠷ ᠤᠨ ᠡᠷᠭᠢ ᠳᠦ ᠡᠨᠡ ᠰᠠᠷ᠎ᠠ ᠶᠢᠨ 2- 8 ᠍ ᠤ ᠬᠣᠭᠣᠷᠣᠨᠳᠣ ᠪᠣᠯᠵᠤ ᠥᠩᠭᠡᠷᠡᠯ᠎ᠡ᠃ ᠡᠨᠡᠬᠦ ᠨᠠᠭᠠᠳᠤᠮ ᠤᠨ ᠨᠡᠭᠡᠭᠡᠯᠲᠡ ᠶᠢᠨ ᠠᠷᠭ᠎ᠠ ᠬᠡᠮᠵᠢᠶᠡᠨ ᠳᠦ ᠺᠢᠷᠭᠢᠽᠰᠲ᠋ᠠᠨ ᠤ ᠶᠡᠷᠦᠩᠬᠡᠶᠢᠯᠡᠭᠴᠢ ᠂ ᠲᠦᠷᠺ ᠤᠨ᠂ ᠬᠠᠰᠠᠭᠰᠲ᠋ᠠᠨ ᠤ ᠶᠡᠷᠦᠩᠬᠡᠶᠢᠯᠡᠭᠴᠢ ᠂ ᠲᠠᠲ᠋ᠠᠷᠰᠲ᠋ᠠᠨ ᠤ ᠶᠡᠷᠦᠩᠬᠡᠶᠢᠯᠡᠭᠴᠢ ᠂ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠡᠯ- ᠹᠦᠵᠠᠶᠢᠷᠠ ᠬᠣᠲᠠ ᠶᠢᠨ ᠬᠤᠩ ᠲᠠᠶᠢᠵᠢ᠂ ᠤᠩᠭᠠᠷᠢ ᠶᠢᠨ ᠶᠡᠷᠦᠩᠬᠡᠢ ᠰᠠᠶᠢᠳ ᠵᠡᠷᠭᠡ ᠲᠣᠮᠣᠬᠠᠨ ᠲᠥᠯᠥᠭᠡᠯᠡᠭᠴᠢᠳ ᠣᠷᠣᠯᠴᠠᠭᠰᠠᠨ ᠪᠠᠶᠢᠨ᠎ᠠ᠃
ᠰᠫᠣᠷᠲ ᠤᠨ 37 ᠲᠥᠷᠥᠯ ᠳᠦ 66 ᠣᠷᠣᠨ᠂ ᠣᠷᠣᠰ ᠤᠨ ᠬᠣᠯᠪᠣᠭᠠᠨ ᠤ ᠤᠯᠤᠰ ᠤᠨ 11 ᠪᠥᠰᠡ ᠨᠤᠲᠤᠭ ᠤᠨ ᠨᠡᠶᠢᠲᠡ 1556 ᠲᠠᠮᠢᠷᠴᠢᠨ ᠥᠷᠢᠰᠦᠯᠳᠦᠭᠰᠡᠨ ᠪᠣᠯ ᠨᠠᠭᠠᠳᠤᠮ ᠢ ᠰᠤᠷᠪᠤᠯᠵᠢᠯᠠᠬᠤ ᠪᠠᠷ 56 ᠣᠷᠣᠨ ᠤ 50 ᠲᠧᠯᠧᠸᠢᠽ᠂ 12 ᠷᠠᠳᠢᠣ᠋᠂ 67 ᠮᠡᠳᠡᠭᠡᠯᠡᠯ ᠦᠨ ᠠᠭ᠍ᠸᠡᠲᠯᠢᠭ᠋᠂ 48 ᠰᠣᠨᠢᠨ᠂ ᠴᠠᠬᠢᠮ ᠮᠡᠳᠡᠭᠡᠨ ᠦ 50 ᠠᠭ᠍ᠸᠡᠲᠯᠢᠭ᠋ ᠤᠨ ᠨᠡᠶᠢᠲᠡ 604 ᠰᠡᠳᠬᠦᠯᠴᠢ᠂ ᠵᠢᠷᠤᠭᠯᠠᠭᠠᠴᠢ ᠬᠦᠷᠦᠯᠴᠡᠨ ᠢᠷᠡᠵᠡᠢ᠃ ᠮᠥᠨ ᠨᠡᠭᠦᠳᠡᠯᠴᠢᠨ ᠰᠤᠶᠤᠯ ᠢ ᠬᠠᠷᠠᠭᠤᠯᠤᠭᠰᠠᠨ ᠭᠠᠷ ᠤᠷᠠᠯᠠᠯ ᠤᠨ ᠦᠵᠡᠰᠬᠦᠯᠡᠩ ᠳᠦ ᠬᠠᠰᠠᠭᠰᠲ᠋ᠠᠨ᠂ ᠣᠷᠣᠰ ᠬᠣᠯᠪᠣᠭᠠᠨ ᠤ ᠤᠯᠤᠰ᠂ ᠦᠽᠪᠸᠺᠰᠲ᠋ᠠᠨ᠂ ᠲᠠᠵᠢᠺᠰᠲ᠋ᠠᠨ᠂ ᠮᠣᠩᠭᠣᠯ᠂ ᠤᠩᠭᠠᠷᠢ ᠵᠡᠷᠭᠡ 11 ᠣᠷᠣᠨ ᠤ 500 ᠣᠷᠴᠢᠮ ᠬᠤᠳᠠᠯᠳᠤᠭᠠᠴᠢᠨ ᠢᠷᠡᠵᠦ ᠣᠷᠣᠯᠴᠠᠭᠰᠠᠨ ᠪᠠᠶᠢᠨ᠎ᠠ᠃
ᠨᠠᠭᠠᠳᠤᠮ ᠤᠨ ᠦᠶ᠎ᠡ ᠪᠡᠷ ᠮᠣᠩᠭᠣᠯ ᠤᠯᠤᠰ ᠤᠨ ᠲᠥᠯᠥᠭᠡᠯᠡᠭᠴᠢᠳ ᠢ ᠠᠬᠠᠯᠠᠵᠤ ᠶᠠᠪᠤᠭ᠎ᠠ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ᠍ ᠰᠠᠶᠢᠳ ᠨ ∙ ᠰᠡᠷᠡᠩᠪᠠᠲᠤ ᠄ 2022 ᠣᠨ ᠳᠤ ᠮᠣᠩᠭᠣᠯ ᠤᠯᠤᠰ ︽ᠳᠡᠯᠡᠬᠡᠢ ᠶᠢᠨ ᠨᠡᠭᠦᠳᠡᠯᠴᠢᠳ ᠦᠨ5 ᠳ᠋ᠤᠭᠠᠷ ᠨᠠᠭᠠᠳᠤᠮ︾ ᠍ ᠢ ᠡᠬᠡ ᠣᠷᠣᠨ ᠳᠤ ᠪᠠᠨ ᠵᠣᠬᠢᠶᠠᠨ ᠪᠠᠶᠢᠭᠤᠯᠬᠤ ᠬᠦᠰᠡᠯᠲᠡ ᠪᠡᠨ ᠠᠯᠪᠠᠨ ᠶᠣᠰᠣᠭᠠᠷ ᠺᠢᠷᠭᠢᠽᠰᠲ᠋ᠠᠨ ᠣ ᠲᠠᠯ᠎ᠠ ᠳᠤ ᠲᠠᠯᠪᠢᠭᠰᠠᠨ᠃ ᠡᠨᠡᠬᠦ ᠨᠠᠭᠠᠳᠤᠮ ᠢ ᠮᠣᠩᠭᠣᠯ ᠤᠯᠤᠰ ᠵᠣᠬᠢᠶᠠᠨ ᠪᠠᠶᠢᠭᠤᠯᠵᠤ᠂ ᠳᠡᠮᠵᠢᠭᠰᠡᠨ ᠢᠶᠡᠷ ᠲᠥᠪ ᠠᠽᠢᠶ᠎ᠠ ᠶᠢᠨ ᠨᠡᠭᠦᠳᠡᠯᠴᠢᠨ ᠠᠷᠠᠳ ᠢᠷᠭᠡᠳ ᠢ ᠨᠡᠭᠦᠳᠡᠯᠴᠢᠳ ᠦᠨ ᠥᠯᠥᠭᠡᠢ ᠨᠤᠲᠤᠭ ᠲᠤ ᠨᠢ ᠤᠷᠢᠬᠤ᠂ ᠡᠨᠡ ᠬᠦᠷᠢᠶᠡᠨ ᠳᠦ ᠠᠶᠠᠯᠠᠯ ᠵᠢᠭᠤᠯᠴᠢᠯᠠᠯ ᠢ ᠬᠥᠭᠵᠢᠭᠦᠯᠬᠦ ᠪᠣᠯᠤᠮᠵᠢ ᠶᠢ ᠰᠤᠳᠤᠯᠵᠤ ᠪᠠᠶᠢᠨ᠎ᠠ ᠭᠡᠪᠡ᠃ ᠡᠨᠡ ᠤᠳᠠᠭ᠎ᠠ ᠶᠢᠨ ᠨᠠᠭᠠᠳᠤᠮ ᠤᠨ ᠰᠫᠣᠷᠲ ᠤᠨ ᠬᠥᠲᠥᠯᠪᠦᠷᠢ ᠳᠦ ᠠᠩᠬ᠎ᠠ ᠤᠳᠠᠭ᠎ᠠ ᠮᠣᠩᠭᠣᠯ ᠦᠨᠳᠦᠰᠦᠨ ᠦ ᠪᠥᠬᠡ ᠶᠢᠨ ᠪᠠᠷᠢᠯᠳᠤᠭᠠᠨ ᠢ ᠪᠠᠭᠲᠠᠭᠠᠭᠰᠠᠨ ᠪᠥᠭᠡᠳ ᠡᠬᠢᠨ ᠦ ᠲᠡᠮᠡᠴᠡᠭᠡᠨ ᠳᠦ ᠮᠣᠩᠭᠣᠯ ᠤᠯᠤᠰ ᠤᠨ ᠨᠠᠴᠢᠨ ᠳᠣᠷᠵᠢ ᠶᠢᠨ ᠠᠨᠠᠷ ᠲᠦᠷᠦᠭᠦᠯᠡᠵᠦ᠂ ᠥᠪᠥᠷ ᠮᠣᠩᠭᠣᠯ ᠤᠨ ᠪᠥᠬᠡ ᠠᠯᠲᠠᠨᠰᠦ᠋ᠬᠡ ᠦᠵᠦᠭᠦᠷᠯᠡᠯ᠎ᠡ᠃
ᠳ ∙ ᠨᠢᠮᠠᠲᠤᠯᠭ᠎ᠠ