ᠮᠣᠩᠭᠣᠯ ᠤᠯᠤᠰ ᠢ ᠭᠠᠳᠠᠭᠠᠳᠤ ᠳᠤ ᠰᠤᠷᠲᠠᠯᠴᠢᠯᠠᠬᠤ ᠬᠥᠲᠥᠯᠪᠦᠷᠢ ᠶᠢᠨ ᠬᠦᠷᠢᠶᠡᠨ ᠳᠦ ᠵᠣᠬᠢᠶᠠᠨ ᠪᠠᠶᠢᠭᠤᠯᠵᠤ ᠪᠤᠢ ᠴᠤᠪᠤᠷᠠᠯ ᠬᠡᠯᠡᠯᠴᠡᠭᠦᠯᠭᠡ ᠶᠢᠨ ᠨᠢᠭᠡ ᠪᠣᠯᠬᠤ ︽ᠳᠡᠯᠡᠬᠡᠢ ᠳᠦ ᠲᠠᠷᠬᠠᠭᠰᠠᠨ ᠰᠠᠩ ᠮᠣᠩᠭᠣᠯ ᠥᠪ ︾ ᠲᠥᠰᠥᠯ ᠦᠨ ᠬᠡᠯᠡᠯᠴᠡᠭᠦᠯᠭᠡ ᠥᠨᠥᠳᠥᠷ ᠪᠣᠯᠤᠯ᠎ᠠ᠃ ︽ᠳᠡᠯᠡᠬᠡᠢ ᠳᠦ ᠲᠠᠷᠬᠠᠭᠰᠠᠨ ᠰᠠᠩ ᠮᠣᠩᠭᠣᠯ ᠥᠪ︾ ᠲᠥᠰᠥᠯ ᠨᠢ ᠳᠡᠯᠡᠬᠡᠢ ᠶᠢᠨ ᠤᠯᠤᠰ ᠣᠷᠣᠨ ᠪᠦᠷᠢ ᠳᠦ ᠪᠠᠶᠢᠬᠤ ᠮᠣᠩᠭᠣᠯ ᠤᠨ ᠥᠪ ᠢ ᠪᠦᠷᠢᠳᠬᠡᠨ 20 ᠪᠣᠲᠢ ᠺᠠᠲᠯᠤᠭᠢ ︵ ᠵᠢᠷᠤᠭᠲᠤ ᠨᠤᠮ ︶ ᠪᠣᠯᠭᠠᠨ ᠭᠠᠷᠭᠠᠬᠤ ᠵᠣᠷᠢᠯᠭ᠎ᠠ ᠲᠠᠢ ᠶᠤᠮ᠃
ᠣᠯᠠᠨ ᠤᠯᠤᠰ ᠤᠨ ᠮᠣᠩᠭᠣᠯ ᠰᠤᠳᠤᠯᠤᠯ ᠤᠨ ᠬᠣᠯᠪᠣᠭᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠰ ∙ ᠴᠢᠯᠠᠭᠤᠨ ᠄ ᠳᠡᠯᠡᠬᠡᠢ ᠶᠢᠨ 34 ᠤᠯᠤᠰ ᠣᠷᠣᠨ ᠳᠤ ᠮᠣᠩᠭᠣᠯᠴᠤᠳ ᠤᠨ ᠤᠯᠠ ᠮᠥᠷ ᠲᠡᠢ ᠬᠣᠯᠪᠣᠭᠠᠲᠠᠢ ᠥᠪ᠂ ᠳᠤᠷᠠᠰᠬᠠᠯ ᠤᠳ ᠪᠠᠶᠢᠭ᠎ᠠ᠃ ᠡᠨᠡ ᠲᠥᠰᠥᠯ ᠪᠣᠯ ᠮᠣᠩᠭᠣᠯ ᠤᠨ ᠲᠡᠦᠬᠡᠨ ᠳ᠋ᠡᠬᠢ ᠬᠠᠮᠤᠭ ᠤᠨ ᠲᠣᠮᠣ ᠲᠥᠰᠥᠯ ᠪᠣᠯᠬᠤ ᠶᠤᠮ᠃ ᠲᠥᠰᠥᠯ ᠦᠨ ᠬᠦᠷᠢᠶᠡᠨ ᠳᠦ 1. ᠮᠣᠩᠭᠣᠯ ᠤᠨ ᠲᠡᠦᠬᠡ ᠰᠤᠶᠤᠯ᠂ ᠥᠪ ᠤᠯᠠᠮᠵᠢᠯᠠᠯ ᠲᠠᠢ ᠬᠣᠯᠪᠣᠭ᠎ᠠ ᠲᠠᠢ ᠥᠪ ᠰᠠᠩ ᠢ ᠨᠢᠭᠡᠳᠬᠡᠨ ᠰᠢᠰᠲ᠋ᠧᠮ ᠲᠡᠢ᠂ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠰᠤᠳᠤᠯᠬᠤ ︔ 2. ᠨᠢᠭᠡᠳᠦᠭᠰᠡᠨ ᠰᠠᠩ ᠢ ᠪᠦᠷᠢᠳᠦᠭᠦᠯᠵᠦ᠂ ᠮᠡᠳᠡᠭᠡᠯᠡᠯ ᠦᠨ ᠴᠠᠬᠢᠮ ᠰᠠᠩ ᠢ ᠪᠠᠶᠢᠭᠤᠯᠬᠤ ︔ 3. ᠮᠣᠩᠭᠣᠯ ᠤᠨ ᠲᠡᠦᠬᠡ ᠰᠤᠶᠤᠯ ᠲᠠᠢ ᠰᠢᠭᠤᠳ ᠪᠣᠯᠤᠨ ᠳᠠᠮ ᠬᠠᠮᠢᠶᠠᠷᠤᠯ ᠲᠠᠢ ᠳᠤᠷᠠᠰᠬᠠᠯ ᠤᠳ ᠤᠨ ᠰᠤᠳᠤᠯᠭ᠎ᠠ ᠶᠢ ᠨᠢᠭᠡᠳᠬᠡᠨ ᠬᠡᠪᠯᠡᠨ ᠨᠡᠶᠢᠲᠡᠯᠡᠭᠦᠯᠵᠦ ᠭᠠᠷᠭᠠᠬᠤ ︔ 4. ᠮᠣᠩᠭᠣᠯ ᠪᠣᠯᠤᠨ ᠭᠠᠳᠠᠭᠠᠳᠤ ᠶᠢᠨ ᠡᠷᠳᠡᠮᠲᠡᠨ ᠰᠤᠳᠤᠯᠤᠭᠠᠴᠢᠳ᠂ ᠰᠣᠨᠢᠷᠬᠠᠭᠴᠢᠳ᠂ ᠲᠥᠷᠥ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠤᠨ ᠬᠠᠮᠲᠤ ᠶᠢᠨ ᠠᠵᠢᠯᠯᠠᠭ᠎ᠠ ᠶᠢ ᠨᠢᠭᠡᠳᠬᠡᠨ ᠵᠣᠬᠢᠶᠠᠨ ᠪᠠᠶᠢᠭᠤᠯᠤᠯᠲᠠ ᠳᠤ ᠤᠷᠤᠭᠤᠯᠬᠤ ︔ 5. ᠮᠣᠩᠭᠣᠯ ᠤᠨ ᠳᠡᠯᠡᠬᠡᠢ ᠶᠢᠨ ᠤᠯᠤᠰ ᠣᠷᠣᠨ ᠳᠤ ᠬᠠᠳᠠᠭᠠᠯᠠᠭᠳᠠᠵᠤ ᠪᠤᠢ ᠰᠤᠶᠤᠯ ᠤᠨ ᠥᠪ ᠢ ᠳᠣᠲᠣᠭᠠᠳᠤ ᠪᠣᠯᠤᠨ ᠭᠠᠳᠠᠭᠠᠳᠤ ᠳᠤ ᠰᠤᠷᠲᠠᠯᠴᠢᠯᠠᠬᠤ ᠶᠤᠮ ᠭᠡᠪᠡ᠃
ᠺᠠᠲᠯᠤᠭᠢ ᠨᠢ《ᠣᠷᠣᠰ ᠳᠠᠬᠢ ᠮᠣᠩᠭᠣᠯ ᠤᠨ ᠥᠪ 》᠂ ︽ᠰᠣᠯᠣᠩᠭᠣᠰ᠂ ᠢᠷᠡᠨ ᠳ᠋ᠡᠬᠢ ᠮᠣᠩᠭᠣᠯ ᠤᠨ ᠥᠪ ︾ ︽ᠤᠩᠭᠠᠷᠢ᠂ ᠮᠣᠩᠭᠣᠯ ᠤᠨ ᠥᠪ ︾ ᠂ ︽ᠬᠢᠲᠠᠳ ᠳᠠᠬᠢ ᠮᠣᠩᠭᠣᠯ ᠤᠨ ᠥᠪ ︾ ᠂ ︽ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠲᠠᠶᠢᠸᠠᠨ ᠳ᠋ᠠᠬᠢ ᠮᠣᠩᠭᠣᠯ ᠤᠨ ᠥᠪ ︾ ᠂ ︽ ᠫᠤᠯᠱᠠ ᠳ᠋ᠡᠬᠢ ᠮᠣᠩᠭᠣᠯ ᠤᠨ ᠥᠪ ︾᠂ ︽ᠶᠠᠫᠣᠨ ᠳ᠋ᠡᠬᠢ ᠮᠣᠩᠭᠣᠯ ᠤᠨ ᠥᠪ ︾ ᠂《ᠹᠷᠠᠨᠼᠢ ᠪᠣᠯᠤᠨ ᠪᠠᠷᠠᠭᠤᠨ ᠧᠦ᠋ᠷᠣᠫᠠ ᠳ᠋ᠡᠬᠢ ᠮᠣᠩᠭᠣᠯ ᠤᠨ ᠥᠪ 》᠂ ︽ᠲᠦᠺ ᠪᠣᠯᠤᠨ ᠲᠥᠪ ᠠᠽᠢᠶ᠎ᠠ ᠶᠢᠨ ᠣᠷᠣᠨ ᠨᠤᠭᠤᠳ ᠳᠠᠬᠢ ᠮᠣᠩᠭᠣᠯ ᠤᠨ ᠥᠪ ︾ ᠂ ︽ᠤᠮᠠᠷᠠᠳᠤ ᠧᠦ᠋ᠷᠣᠴᠠ ᠳᠤ ᠬᠢ ᠮᠣᠩᠭᠣᠯ ᠤᠨ ᠥᠪ ︾ ᠂ ︽ᠠᠮᠧᠷᠢᠺᠠ ᠳ᠋ᠡᠬᠢ ᠮᠣᠩᠭᠣᠯ ᠤᠨ ᠥᠪ ︾ ᠂ ︽ᠭᠧᠷᠮᠠᠨ ᠳ᠋ᠡᠬᠢ ᠮᠣᠩᠭᠣᠯ ᠤᠨ ᠥᠪ》 ᠂ ︽ᠡᠨᠡᠳᠬᠡᠭ ᠲᠡᠬᠢ ᠮᠣᠩᠭᠣᠯ ᠤᠨ ᠥᠪ ︾ ᠭᠡᠰᠡᠨ ᠪᠦᠰᠡᠴᠢᠯᠡᠯ ᠢᠶᠡᠷ ᠪᠦᠲᠦᠭᠡᠭᠳᠡᠨᠡ᠃
IKON.MN
News.MN 2018-09-11 202.70.42.102
mmmm
News.MN 2018-09-11 202.70.42.102
hjkjkdjkfjd
News.MN 2018-09-11 202.70.42.102
ᠲᠰᠡᠲᠰᠡᠭ
News.MN 2018-09-11 202.70.42.102
ᠴᠬᠢᠮᠡᠭ