ᠥᠩᠭᠡᠷᠡᠭᠰᠡᠨ ᠨᠢᠮ᠎ᠠ ᠭᠠᠷᠠᠭ ᠲᠤ ᠠᠮᠵᠢᠯᠲᠠ ᠲᠠᠢ ᠥᠨᠳᠥᠷᠯᠡᠭᠰᠡᠨ ︽ᠠᠽᠢᠶ᠎ᠠ ᠶᠢᠨ ᠰᠫᠣᠷᠲ ᠤᠨ ᠨᠠᠭᠠᠳᠤᠮ-2018︾ ᠳᠦ ᠶᠠᠫᠣᠨ ᠤ ᠪᠠᠭ ᠤᠨ ᠤᠰᠤᠨ ᠳᠤ ᠰᠡᠯᠢᠯᠲᠡ ᠶᠢᠨ ᠲᠠᠮᠢᠷᠴᠢᠨ ᠷᠢᠺᠠᠺᠣ ᠢᠺᠧᠧ ᠡᠮᠡᠭᠲᠡᠶᠢᠴᠦᠳ ᠦᠨ ᠤᠰᠤᠨ ᠳᠤ ᠰᠡᠯᠢᠯᠲᠡ ᠶᠢᠨ ᠲᠥᠷᠥᠯ ᠡᠴᠡ ᠨᠡᠶᠢᠲᠡ 6 ᠠᠯᠲᠠ᠂ 2 ᠮᠥᠩᠭᠥᠨ ᠮᠧᠳᠠᠯ ᠬᠦᠷᠲᠡᠵᠦ᠂ ᠡᠨᠡᠬᠦ ᠨᠠᠭᠠᠳᠤᠮ ᠤᠨ ︽ᠬᠠᠮᠤᠭ ᠤᠨ ᠦᠨ᠎ᠡ ᠴᠡᠨ᠎ᠡ ᠲᠡᠢ ᠲᠠᠮᠢᠷᠴᠢᠨ ︾ ᠬᠡᠮᠡᠬᠦ ᠱᠠᠩᠨᠠᠯ ᠢ ᠬᠦᠷᠲᠡᠵᠡᠢ᠃
《ᠬᠠᠮᠤᠭ ᠤᠨ ᠦᠨ᠎ᠡ ᠴᠡᠨ᠎ᠡ ᠲᠡᠢ ᠲᠠᠮᠢᠷᠴᠢᠨ 》 ᠬᠡᠮᠡᠬᠦ ᠰᠠᠶᠢᠬᠠᠨ ᠱᠠᠩᠨᠠᠯ ᠤᠨ ᠡᠵᠡᠨ ᠪᠣᠯᠤᠭᠰᠠᠨ ᠳᠤ ᠪᠠᠨ ᠮᠠᠰᠢ ᠶᠡᠬᠡ ᠪᠠᠶᠠᠷᠲᠠᠢ ᠪᠠᠶᠢᠨ᠎ᠠ᠃ ᠡᠨᠡᠬᠦ ᠱᠠᠩᠨᠠᠯ ᠢ ᠬᠦᠷᠲᠡᠨ᠎ᠡ ᠭᠡᠵᠦ ᠲᠥᠰᠥᠭᠡᠯᠡᠭᠡ ᠦᠭᠡᠢ ᠶᠠᠪᠤᠭᠰᠠᠨ ᠲᠤᠯᠠ ᠮᠠᠰᠢ ᠶᠡᠬᠡ ᠭᠠᠶᠢᠬᠠᠭᠰᠠᠨ ᠭᠡᠵᠦ ᠷ ∙ᠢᠺᠧᠧ ᠨᠢᠮ᠎ᠠ ᠭᠠᠷᠠᠭ ᠲᠤ ᠵᠠᠺᠠᠷᠲ᠋ᠠ ᠬᠣᠲᠠ ᠶᠢᠨ ᠲᠥᠪ ᠲᠦ ᠪᠠᠶᠢᠷᠢᠯᠠᠳᠠᠭ ᠠᠽᠢᠶ᠎ᠠ ᠶᠢᠨ ᠨᠠᠭᠠᠳᠤᠮ ᠤᠨ ᠬᠡᠪᠯᠡᠯ ᠦᠨ ᠲᠥᠪ ᠲᠦ ᠰᠡᠳᠬᠦᠯᠴᠢᠳ ᠲᠦ ᠶᠠᠷᠢᠭᠰᠠᠨ ᠪᠠᠶᠢᠨ᠎ᠠ᠃
18 ᠨᠠᠰᠤᠲᠠᠢ ᠷ∙ᠢᠺᠧᠧ 50 ᠮᠧᠲ᠋ᠷ ᠦᠨ ᠴᠢᠯᠦᠭᠡᠲᠦ ᠰᠡᠯᠢᠯᠲᠡ᠂ 50 ᠮᠧᠲ᠋ᠷ ᠦᠨ ᠠᠷᠤ ᠪᠠᠷ ᠳᠠᠯᠠᠯᠬᠤ ᠰᠡᠯᠢᠯᠲᠡ᠂ 50 ᠪᠣᠯᠤᠨ 100 ᠮᠧᠲ᠋ᠷ ᠦᠨ ᠡᠷᠪᠡᠬᠡᠢ ᠰᠡᠯᠢᠯᠲᠡ ᠵᠡᠷᠭᠡ ᠤᠰᠤᠨ ᠳᠤ ᠰᠡᠯᠢᠯᠲᠡ ᠶᠢᠨ ᠰᠫᠣᠷᠲ ᠤᠨ ᠵᠢᠷᠭᠤᠭᠠᠨ ᠲᠥᠷᠥᠯ ᠡᠴᠡ ᠠᠯᠲᠠᠨ ᠮᠧᠳᠠᠯ ᠬᠦᠷᠲᠡᠭᠰᠡᠨ ᠠᠵᠡᠢ᠃ ᠷ∙ᠢᠺᠧᠧ ᠠᠽᠢᠶ᠎ᠠ ᠶᠢᠨ ᠨᠠᠭᠠᠳᠤᠮ ᠤᠨ ᠲᠡᠦᠬᠡᠨ ᠳᠦ ᠡᠨᠡᠬᠦ ᠱᠠᠩᠨᠠᠯ ᠤᠨ ᠡᠵᠡᠨ ᠪᠣᠯᠤᠭᠰᠠᠨ ᠬᠠᠮᠤᠭ ᠤᠨ ᠠᠩᠬᠠᠨ ᠤ ᠡᠮᠡᠭᠲᠡᠢ ᠲᠠᠮᠢᠷᠴᠢᠨ ᠪᠣᠯᠤᠭᠰᠠᠨ ᠪᠠᠶᠢᠨ᠎ᠠ᠃ ᠲᠡᠷᠡᠪᠡᠷ ᠣᠳᠣ 2020 ᠣᠨ ᠤ ᠲᠤᠤᠺᠢᠤ᠋ ᠍ ᠶᠢᠨ ᠤᠯᠢᠮᠫᠢᠺ ᠤᠨ ᠨᠠᠭᠠᠳᠤᠮ ᠤᠨ ᠪᠡᠯᠡᠳᠬᠡᠯ ᠳᠦ ᠪᠡᠨ ᠤᠷᠤᠬᠤ ᠠᠵᠠᠢ᠃
ᠡ᠊᠂ ᠬᠤᠯᠠᠨ