ᠨᠤᠮ ᠲᠡᠢ ᠡᠷᠦᠬᠡ ᠶᠢ ᠰᠢᠯᠭᠠᠷᠠᠭᠤᠯᠤᠨ᠎ᠠ | News.MN

ᠨᠤᠮ ᠲᠡᠢ ᠡᠷᠦᠬᠡ ᠶᠢ ᠰᠢᠯᠭᠠᠷᠠᠭᠤᠯᠤᠨ᠎ᠠ

ᠰᠦᠬᠡᠪᠠᠭᠠᠲᠤᠷ ᠠᠶᠢᠮᠠᠭ ᠤᠨ ᠪᠠᠷᠠᠭᠤᠨ-ᠤᠷᠲᠤ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠠᠶᠢᠮᠠᠭ ᠤᠨ ᠨᠡᠶᠢᠲᠡ ᠶᠢᠨ ᠨᠣᠮ ᠤᠨ ᠰᠠᠩ ᠬᠠᠮᠲᠤᠷᠠᠨ ᠰᠢᠯᠢᠳᠡᠭ ︽ ᠭᠡᠷ ᠨᠣᠮ ᠤᠨ ᠰᠠᠩ︾᠍ ᠲᠠᠢ ᠡᠷᠦᠬᠡ ᠰᠢᠯᠭᠠᠷᠠᠭᠤᠯᠬᠤ ᠠᠩᠬᠠᠳᠤᠭᠠᠷ ᠤᠷᠤᠯᠳᠤᠭᠠᠨ ᠢ ᠵᠠᠷᠯᠠᠵᠠᠢ᠃ ᠤᠷᠤᠯᠳᠤᠭᠠᠨ ᠢᠶᠠᠷ ᠬᠠᠮᠤᠭ ᠤᠨ ᠣᠯᠠᠨ ᠨᠣᠮ ᠲᠠᠢ ᠡᠷᠦᠬᠡ᠂ ᠬᠠᠮᠤᠭ ᠤᠨ ᠣᠯᠠᠨ ᠬᠣᠪᠣᠷ ᠨᠣᠮ ᠲᠠᠢ ᠡᠷᠦᠬᠡ ᠲᠤᠰ ᠪᠦᠷᠢ ᠬᠣᠶᠠᠷ ᠢ ᠰᠢᠯᠭᠠᠷᠠᠭᠤᠯᠤᠨ᠎ᠠ᠃ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ᠵᠢᠯ ᠪᠦᠷᠢ ᠶᠢᠨ 09 ᠳ᠋ᠤᠭᠡᠷ ᠰᠠᠷ᠎ᠠ ᠶᠢᠨ  ᠭᠤᠷᠪᠠᠳᠠᠬᠢ ᠳᠣᠯᠣᠭ᠎ᠠ ᠬᠣᠨᠣᠭ ᠤᠨ ᠪᠢᠮᠪᠠ ᠭᠠᠷᠠᠭ ᠢ ︽ᠨᠣᠮ ᠤᠨ ᠪᠠᠶᠠᠷ ᠤᠨ ᠡᠳᠦᠷ︾ ᠪᠣᠯᠭᠠᠨ ᠲᠡᠮᠳᠡᠭᠯᠡᠬᠦ ᠠᠵᠢᠯ ᠤᠨ ᠬᠦᠷᠢᠶᠡᠨ ᠳᠦ ᠳᠡᠭᠡᠷᠡᠬᠢ ᠤᠷᠤᠯᠳᠤᠭᠠᠨ ᠢ ᠵᠠᠷᠯᠠᠭᠰᠠᠨ ᠪᠠᠶᠢᠨ᠎ᠠ᠃  ᠬᠡᠦᠬᠡᠳ ᠵᠠᠯᠠᠭᠤᠴᠤᠳ᠂ ᠥᠰᠪᠦᠷᠢ ᠦᠶ᠎ᠡ ᠶᠢᠨ ᠬᠢᠨ᠂ ᠠᠶᠢᠯ ᠡᠷᠦᠬᠡ ᠶᠢᠨ ᠢᠷᠭᠡᠨ ᠪᠦᠷᠢ ᠶᠢ ᠨᠣᠮ ᠲᠠᠢ ᠨᠥᠬᠦᠷᠯᠡᠭᠦᠯᠬᠦ ᠬᠥᠳᠡᠯᠭᠡᠭᠡᠨ ᠥᠷᠨᠢᠭᠦᠯᠵᠦ᠂ ᠨᠣᠮ ᠤᠨ ᠪᠠᠶᠠᠷ ᠤᠨ ᠡᠳᠦᠷ ᠪᠦᠬᠦ ᠨᠡᠶᠢᠲᠡ ᠪᠡᠷ ᠨᠣᠮ ᠤᠨ ᠡᠷᠳᠡᠮ ᠢ ᠰᠤᠷᠲᠠᠯᠴᠢᠯᠠᠬᠤ᠂ ᠨᠣᠮ ᠤᠨ ᠥᠪ ᠰᠠᠩ ᠢ ᠠᠷᠪᠢᠵᠢᠭᠤᠯᠬᠤ ᠵᠣᠷᠢᠯᠭ᠎ᠠ ᠶᠢ  ᠵᠤᠬᠢᠶᠠᠨ ᠪᠠᠶᠢᠭᠤᠯᠤᠭᠴᠢᠳ ᠳᠡᠪᠰᠢᠭᠦᠯᠵᠡᠢ᠃
09 ᠳ᠋ᠤᠭᠡᠷ ᠰᠠᠷ᠎ᠠ ᠶᠢᠨ 05 ᠠᠴᠠ ᠡᠬᠢᠯᠡᠵᠦ ᠪᠤᠢ ᠤᠷᠤᠯᠳᠤᠭᠠᠨ 10 ᠬᠣᠨᠣᠭ ᠤᠨ ᠬᠤᠭᠤᠴᠠᠭᠠᠨ ᠳᠤ ᠦᠷᠭᠦᠯᠵᠢᠯᠡᠬᠦ ᠪᠥᠭᠡᠳ ᠪᠠᠷᠠᠭᠤᠨ-ᠤᠷᠲᠤ ᠰᠤᠮᠤ ᠶᠢᠨ ᠶᠢᠰᠦᠨ ᠪᠠᠭ ᠤᠨ ᠪᠦᠬᠦ ᠠᠶᠢᠯ ᠡᠷᠦᠬᠡ ᠨᠦᠭᠦᠳ ᠬᠠᠮᠤᠷᠤᠭᠳᠠᠬᠤ ᠪᠣᠯᠤᠮᠵᠢ ᠲᠠᠢ ᠶᠤᠮ ᠪᠠᠶᠢᠨ᠎ᠠ᠃
ᠲ ᠂ ᠣᠳᠣᠨᠴᠢᠮᠡᠭ

ᠰᠡᠳᠬᠢᠭᠳᠡᠯ ᠦᠯᠡᠳᠡᠭᠡᠬᠦ