ᠳᠤᠷᠠᠰᠬᠠᠯ ᠤᠨ ᠮᠥᠩᠭᠥᠨ ᠵᠣᠭᠣᠰ ᠬᠤᠳᠠᠯᠳᠤᠭᠠᠨ ᠳᠤ ᠭᠠᠷᠤᠯ᠎ᠠ | News.MN

ᠳᠤᠷᠠᠰᠬᠠᠯ ᠤᠨ ᠮᠥᠩᠭᠥᠨ ᠵᠣᠭᠣᠰ ᠬᠤᠳᠠᠯᠳᠤᠭᠠᠨ ᠳᠤ ᠭᠠᠷᠤᠯ᠎ᠠ

ᠮᠣᠩᠭᠣᠯ ᠤᠯᠤᠰ ᠤᠨ ᠳ᠋ᠢᠫᠯᠣᠮᠠᠲ ᠬᠠᠷᠢᠯᠴᠠᠭ᠎ᠠ ᠪᠦᠬᠦᠢ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠶᠠᠫᠣᠨ ᠤᠯᠤᠰ᠂ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ  ᠬᠤᠭᠤᠷᠤᠨᠳᠤ ᠶᠢᠨ ᠬᠠᠮᠲᠤ ᠶᠢᠨ ᠠᠵᠢᠯᠯᠠᠭ᠎ᠠ ᠶᠢ ᠢᠯᠡᠷᠬᠡᠶᠢᠯᠡᠭᠰᠡᠨ ᠲᠡᠭᠰᠢ ᠥᠨᠴᠥᠭᠲᠦ ᠬᠡᠯᠪᠡᠷᠢᠲᠡᠢ ᠮᠥᠩᠭᠥᠨ ᠵᠣᠭᠣᠰ ᠬᠤᠳᠠᠯᠳᠤᠭᠠᠨ ᠳᠤ ᠭᠠᠷᠤᠯ᠎ᠠ᠃ ᠤᠭ ᠵᠣᠭᠣᠰᠤᠨ ᠤ ᠵᠠᠭᠪᠤᠷ ᠨᠢ ᠮᠣᠩᠭᠣᠯ ᠤᠯᠤᠰ ᠪᠣᠯᠤᠨ ᠲᠤᠬᠠᠢ ᠶᠢᠨ ᠤᠯᠤᠰ ᠤᠨ ᠪᠡᠯᠭᠡᠳᠡᠯ ᠢ ᠳᠦᠷᠰᠦᠯᠡᠨ ᠢᠯᠡᠷᠬᠡᠶᠢᠯᠡᠭᠰᠡᠨ ᠪᠠ 2019 ᠣᠨ ᠳᠤ ᠡᠳᠡᠭᠡᠷ ᠤᠯᠤᠰ ᠣᠷᠣᠨ ᠲᠠᠢ ᠲᠣᠭᠲᠠᠭᠠᠭᠰᠠᠨ ᠬᠠᠮᠲᠤ ᠶᠢᠨ ᠠᠵᠢᠯᠯᠠᠭᠠᠨ ᠤ ᠲᠡᠮᠳᠡᠭᠯᠡᠯᠲᠦ ᠤᠢ ᠨᠤᠭᠤᠳ ᠲᠤ ᠵᠣᠷᠢᠭᠤᠯᠵᠠᠢ᠃ ᠳᠤᠷᠠᠰᠬᠠᠯ ᠤᠨ ᠵᠣᠭᠣᠰ ᠢ ᠮᠤᠩᠭᠤᠯ ᠪᠠᠩᠭᠢᠨ ᠤ ᠨᠡᠷ᠎ᠡ᠂ ᠪᠡᠯᠭᠡᠳᠡᠯᠲᠡᠢ ᠪᠡᠷ ᠦᠨᠡᠲᠦ ᠮᠧᠲ᠋ᠠᠯ ᠢᠶᠠᠷ ᠦᠢᠯᠡᠳᠪᠦᠷᠢᠯᠡᠬᠦ᠂ ᠵᠥᠪᠰᠢᠶᠡᠷᠡᠯ ᠣᠯᠭᠣᠬᠤ᠂ ᠵᠣᠭᠣᠰ ᠢ ᠪᠦᠷᠢᠳᠬᠡᠬᠦ᠂ ᠬᠠᠳᠠᠭᠠᠯᠠᠬᠤ᠂ ᠬᠠᠮᠠᠭᠠᠯᠠᠬᠤ᠂ ᠲᠡᠭᠡᠭᠡᠪᠦᠷᠢᠯᠡᠬᠦ᠂ ᠬᠢᠨᠠᠯᠲᠠ ᠲᠠᠯᠪᠢᠬᠤ᠂ ᠬᠤᠳᠠᠯᠳᠤᠨ ᠪᠣᠷᠣᠯᠠᠭᠤᠯᠬᠤ᠂ ᠦᠢᠯᠡ ᠠᠵᠢᠯᠯᠠᠭ᠎ᠠ ᠶᠢ ᠮᠤᠩᠭᠤᠯ  ᠪᠠᠩᠭᠢᠨ  ‍ᠣ ᠡᠷᠳᠡᠨᠢᠰ ᠦᠨ ᠰᠠᠩ ᠨᠢ ᠬᠤᠯᠪᠤᠭᠳᠠᠬᠤ ᠬᠠᠤᠯᠢ ᠶᠢᠨ ᠬᠦᠷᠢᠶᠡᠨ ᠳᠦ ᠡᠷᠬᠢᠯᠡᠳᠡᠭ ᠪᠠ ᠲᠡᠦᠬᠡᠨ ᠳᠤᠷᠠᠰᠬᠠᠯᠲᠤ ᠦᠢᠯᠡ ᠶᠠᠪᠤᠳᠠᠯ᠂ ᠲᠡᠮᠳᠡᠭᠯᠡᠯᠲᠦ ᠣᠢ ᠶᠢ ᠲᠣᠬᠢᠶᠠᠯᠳᠤᠭᠤᠯᠤᠨ ᠮᠣᠩᠭᠣᠯ ᠪᠠᠩᠬᠢ ᠪᠣᠯᠤᠨ ᠲᠥᠷᠥ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ ᠬᠦᠰᠡᠯᠲᠡ ᠪᠡᠷ ᠳᠤᠷᠠᠰᠬᠠᠯ ᠤᠨ ᠵᠣᠭᠣᠰ ᠢ ᠵᠠᠬᠢᠶᠠᠯᠠᠨ ᠦᠢᠯᠡᠳᠪᠦᠷᠢᠯᠡᠭᠦᠯᠳᠡᠭ᠃
ᠮᠤᠩᠭᠤᠯ ᠪᠠᠩᠭᠢ ᠠᠩᠬ᠎ᠠ 1971 ᠣᠨ ᠳᠤ ᠠᠷᠠᠳ ᠤᠨ ᠬᠤᠪᠢᠰᠬᠠᠯ ᠤᠨ 50 ᠵᠢᠯ ᠦᠨ ᠣᠢ ᠳᠤ ᠵᠣᠷᠢᠭᠤᠯᠤᠨ 1 ᠲᠥᠭᠥᠷᠢᠭ ᠦᠨ ᠨᠡᠷᠡᠯᠡᠭᠰᠡᠨ ᠦᠨᠡᠲᠡᠢ ᠠᠯᠲᠠ᠂ ᠮᠥᠩᠭᠥ᠂ ᠨᠢᠺᠧᠯ᠂ ᠭᠠᠤᠯᠢᠨ ᠵᠣᠭᠣᠰ ᠭᠠᠷᠭᠠᠭᠰᠠᠨ ᠠᠴᠠ ᠬᠣᠶᠢᠰᠢ ᠳᠤᠷᠠᠰᠬᠠᠯ ᠤᠨ ᠴᠤᠪᠤᠷᠠᠯ ᠵᠣᠭᠣᠰᠤᠨ ᠨᠤᠭᠤᠳ ᠦᠢᠯᠡᠳᠪᠦᠷᠢᠯᠡᠭᠦᠯᠬᠦ ᠪᠣᠯᠤᠭᠰᠠᠨ ᠶᠤᠮ᠃ ᠲᠤᠬᠠᠶᠢᠯᠠᠪᠠᠯ᠂ ᠮᠣᠩᠭᠣᠯ ᠤᠯᠤᠰ ᠤᠨ ᠲᠡᠦᠬᠡᠨ ᠲᠡᠮᠳᠡᠭᠯᠡᠯᠲᠦ ᠣᠢ᠂ ᠶᠡᠬᠡ ᠬᠠᠭᠠᠨ ᠴᠢᠩᠭᠢᠰ᠂ ᠦᠭᠡᠳᠡᠢ᠂ ᠭᠦᠶᠦᠭ᠂ ᠬᠤᠪᠢᠯᠠᠢ ᠵᠡᠷᠭᠡ ᠬᠠᠭᠠᠳ᠂ ᠮᠥᠨ ᠳᠡᠯᠡᠬᠡᠢ ᠪᠣᠯᠤᠨ ᠥᠪᠡᠷ ᠦᠨ ᠣᠷᠣᠨ ᠤ ᠲᠥᠷᠥ ᠨᠡᠶᠢᠭᠡᠮ ᠤᠨ ᠵᠢᠳᠬᠦᠯᠲᠡᠨ᠂  ᠤᠯᠢᠮᠫᠢᠺ ᠤᠨ ᠮᠸᠳᠠᠯᠲᠤ ᠲᠠᠮᠢᠷᠴᠢᠳ᠂ ᠬᠣᠪᠣᠷ ᠠᠩ ᠠᠮᠢᠲᠠᠳ᠂ 12 ᠵᠢᠯ ᠳ᠋ᠡᠬᠢ ᠠᠮᠢᠲᠠᠳ ᠭᠡᠬᠦ ᠮᠡᠲᠦ ᠮᠣᠩᠭᠣᠯ ᠤᠯᠤᠰ ᠢ ᠰᠤᠷᠲᠠᠯᠴᠢᠯᠠᠬᠤ ᠣᠯᠠᠨ ᠰᠣᠨᠢᠷᠬᠠᠯᠲᠠᠢ ᠰᠡᠳᠦᠪ ᠦᠨ ᠳᠣᠣᠷ᠎ᠠ ᠴᠤᠪᠤᠷᠠᠯ ᠳᠤᠷᠠᠰᠬᠠᠯ ᠤᠨ ᠵᠣᠭᠣᠰ ᠢ ᠬᠤᠳᠠᠯᠳᠤᠭᠠᠨ ᠳᠤ ᠭᠠᠷᠭᠠᠭᠰᠠᠭᠠᠷ ᠪᠠᠶᠢᠨ᠎ᠠ᠃ ᠳᠤᠷᠠᠰᠬᠠᠯ ᠤᠨ ᠵᠣᠭᠣᠰ ᠢ ᠰᠤᠳᠤᠯᠤᠭᠠᠴᠢ᠂ ᠴᠤᠭᠯᠠᠭᠤᠯᠤᠭᠴᠢ᠂ ᠰᠣᠨᠢᠷᠬᠠᠭᠴᠢ ᠢᠷᠭᠡᠨ᠂ ᠪᠠᠶᠢᠭᠤᠯᠤᠯᠭ᠎ᠠ ︽ᠡᠷᠳᠡᠨᠢᠰ ᠦᠨ ᠰᠠᠩ︾ ᠠᠴᠠ ᠬᠤᠳᠠᠯᠳᠤᠨ ᠠᠪᠬᠤ ᠪᠣᠯᠤᠮᠵᠢ ᠲᠠᠢ ᠶᠤᠮ᠃
ᠳ ᠂ ᠲᠤᠶᠠᠭ᠎ᠠ

ᠰᠡᠳᠬᠢᠭᠳᠡᠯ ᠦᠯᠡᠳᠡᠭᠡᠬᠦ