ᠤᠯᠤᠰ ᠤᠨ ᠣᠨᠴᠠᠭᠠᠢ ᠺᠣᠮᠢᠰ ᠤᠨ ᠠᠵᠢᠯ ᠤᠨ ᠬᠡᠰᠡᠭ ᠣᠷᠣᠨ ᠨᠤᠲᠤᠭ ᠲᠤ ᠠᠵᠢᠯᠯᠠᠵᠤ ᠪᠠᠶᠢᠨ᠎ᠠ | News.MN

ᠤᠯᠤᠰ ᠤᠨ ᠣᠨᠴᠠᠭᠠᠢ ᠺᠣᠮᠢᠰ ᠤᠨ ᠠᠵᠢᠯ ᠤᠨ ᠬᠡᠰᠡᠭ ᠣᠷᠣᠨ ᠨᠤᠲᠤᠭ ᠲᠤ ᠠᠵᠢᠯᠯᠠᠵᠤ ᠪᠠᠶᠢᠨ᠎ᠠ

ᠮᠣᠩᠭᠣᠯ ᠤᠯᠤᠰ ᠤᠨ ᠰᠢᠳᠠᠷ ᠰᠠᠶᠢᠳ ᠥ᠊ ∙ ᠡᠩᠬᠡᠲᠦᠪᠰᠢᠨ ᠢᠶᠡᠷ ᠠᠬᠠᠯᠠᠭᠤᠯᠤᠭᠰᠠᠨ ᠤᠯᠤᠰ ᠤᠨ ᠣᠨᠴᠠᠭᠠᠢ ᠺᠣᠮᠢᠰ ᠤᠨ ᠠᠵᠢᠯ ᠤᠨ ᠬᠡᠰᠡᠭ ᠳᠣᠯᠣᠭ᠎ᠠ᠂ ᠨᠠᠶᠢᠮᠠᠳᠤᠭᠠᠷ ᠰᠠᠷ᠎ᠠ ᠳᠤ ᠲᠣᠬᠢᠶᠠᠯᠳᠤᠭᠰᠠᠨ ᠦᠶᠡᠷ ᠦᠨ ᠬᠣᠣᠷ ᠤᠷᠰᠢᠭ ᠢ ᠠᠷᠢᠯᠭᠠᠬᠤ᠂ ᠰᠡᠷᠭᠦᠭᠡᠨ ᠪᠣᠰᠬᠠᠬᠤ ᠦᠢᠯᠡ ᠠᠵᠢᠯᠯᠠᠭ᠎ᠠ ᠡᠪᠦᠯᠵᠢᠯᠲᠡ ᠶᠢᠨ ᠪᠡᠯᠡᠳᠬᠡᠯ ᠠᠵᠢᠯ ᠤᠨ ᠶᠠᠪᠤᠴᠠ᠂ ᠠᠶᠢᠮᠠᠭ ᠤᠳ ᠤᠨ ᠣᠨᠴᠠᠭᠠᠢ ᠺᠣᠮᠢᠰ ᠤᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠡᠭᠦᠷᠭᠡ ᠴᠢᠭᠯᠡᠯ᠂ ᠵᠢᠭᠠᠪᠤᠷᠢ ᠵᠥᠪᠯᠡᠮᠵᠢ ᠥᠭᠴᠦ᠂ ᠨᠢᠭᠡᠳᠦᠭᠰᠡᠨ ᠤᠳᠤᠷᠢᠳᠤᠯᠭ᠎ᠠ ᠪᠠᠷ ᠬᠠᠩᠭᠠᠬᠤ ᠵᠣᠷᠢᠯᠭ᠎ᠠ ᠪᠠᠷ ᠣᠷᠣᠨ ᠨᠤᠲᠤᠭ ᠲᠤ ᠠᠵᠢᠯᠯᠠᠵᠤ ᠪᠠᠶᠢᠨ᠎ᠠ᠃

ᠠᠵᠢᠯ ᠤᠨ ᠬᠡᠰᠡᠭ ᠥᠨᠥᠳᠥᠷ ᠲᠥᠪ ᠠᠶᠢᠮᠠᠭ ᠤᠨ ᠪᠣᠷᠣᠨᠠᠭᠤᠷ ᠰᠤᠮᠤᠨ ᠳᠤ ᠠᠵᠢᠯᠯᠠᠯ᠎ᠠ᠃ ᠲᠤᠰ ᠰᠤᠮᠤ ᠶᠢᠨ ᠨᠤᠲᠤᠭ ᠳᠡᠪᠢᠰᠬᠡᠷ ᠲᠦ ᠥᠩᠭᠡᠷᠡᠭᠰᠡᠨ ᠳᠣᠯᠣᠳᠤᠭᠠᠷ ᠰᠠᠷ᠎ᠠ ᠶᠢᠨ 16-17 ᠍ ᠤ ᠡᠳᠦᠷ ᠣᠷᠣᠭᠰᠠᠨ ᠤᠰᠤᠷᠬᠠᠭ ᠪᠣᠷᠣᠭᠠᠨ ᠤ ᠤᠯᠠᠮ ᠠᠴᠠ ᠤᠷᠤᠢ ᠶᠢᠨ ᠦᠶᠡᠷ ᠪᠠᠭᠤᠵᠤ᠂ 100 ᠠᠶᠢᠯ ᠡᠷᠦᠬᠡ ᠶᠢᠨ ᠬᠠᠰᠢᠶ᠎ᠠ᠂ ᠪᠠᠶᠢᠰᠢᠩ᠂ 12 ᠠᠵᠤ ᠠᠬᠤᠢ ᠶᠢᠨ ᠨᠢᠭᠡᠴᠡ᠂ ᠪᠠᠶᠢᠭᠤᠯᠤᠯᠭ᠎ᠠ ᠶᠢᠨ ᠪᠠᠷᠢᠯᠭ᠎ᠠ ᠶᠢᠨ ᠵᠣᠷ ᠤᠨ ᠳᠠᠪᠬᠤᠷ ᠤᠰᠤᠨ ᠳᠤ ᠠᠪᠲᠠᠵᠤ᠂ 15 ᠪᠣᠭ ᠮᠠᠯ ᠬᠣᠷᠣᠭᠳᠠᠨ᠂ ᠣᠷᠣᠨ ᠨᠤᠲᠤᠭ ᠤᠨ ᠴᠢᠨᠠᠷᠲᠠᠢ 《ᠰᠢᠪᠠᠷᠲᠠᠢ ᠶᠢᠨ》 ᠭᠦᠭᠦᠷᠭᠡ ᠶᠢᠨ ᠲᠤᠯᠭᠠᠭᠤᠷᠢ ᠪᠠᠭᠠᠨ᠎ᠠ ᠳᠤ ᠰᠠᠭᠤᠯᠲᠠ ᠡᠭᠦᠰᠴᠢ᠂ ᠰᠤᠮᠤ ᠶᠢᠨ ᠲᠥᠪ ᠦᠨ ᠬᠠᠲᠠᠭᠤ ᠬᠤᠴᠢᠯᠲᠠ ᠲᠠᠢ 0.5 ᠺᠢᠯᠣᠮᠧᠲ᠋ᠷ ᠵᠠᠮ ᠡᠪᠳᠡᠷᠡᠭᠰᠡᠨ ᠪᠠᠶᠢᠨ᠎ᠠ᠃ ᠡᠨᠡ ᠦᠶ᠎ᠡ ᠪᠡᠷ ᠤᠰᠤᠨ ᠳᠤ ᠠᠪᠲᠠᠭᠰᠠᠨ ᠭᠤᠷᠪᠠᠨ ᠠᠶᠢᠯ᠂ ᠡᠷᠦᠬᠡ ᠶᠢ ᠨᠡᠭᠦᠯᠭᠡᠨ ᠰᠢᠯᠵᠢᠭᠦᠯᠵᠦ᠂ ᠤᠯᠠᠭᠠᠨᠪᠠᠭᠠᠲᠤᠷ-ᠳᠠᠷᠬᠠᠨ ᠴᠢᠭᠯᠡᠯ ᠦᠨ ᠤᠯᠤᠰ ᠤᠨ ᠴᠢᠨᠠᠷᠲᠠᠢ ᠠᠦ᠋ᠲ᠋ᠣᠵᠠᠮ ᠳᠡᠭᠡᠷ᠎ᠡ ᠡᠭᠦᠰᠦᠭᠰᠡᠨ 45 ᠲᠣᠨ ᠯᠠᠭ ᠰᠢᠷᠣᠢ᠂ ᠬᠣᠭ᠂ ᠴᠢᠯᠠᠭᠤ ᠶᠢ ᠴᠡᠪᠡᠷᠯᠡᠵᠦ᠂ ᠰᠡᠲᠡᠷᠡᠭᠰᠡᠨ ᠳᠠᠯᠠᠨ᠂ ᠡᠪᠳᠡᠷᠡᠭᠰᠡᠨ ᠵᠠᠮ ᠢ ᠰᠡᠷᠭᠦᠭᠡᠨ ᠵᠠᠰᠠᠪᠤᠷᠢᠯᠠᠬᠤ ᠠᠵᠢᠯ ᠢ 100 ᠭᠠᠷᠤᠢ ᠬᠦᠮᠦᠨ᠂ 30 ᠣᠷᠴᠢᠮ ᠲᠧᠭᠨᠢᠭ ᠬᠡᠷᠡᠭᠰᠡᠯ ᠲᠡᠢ ᠪᠡᠷ ᠭᠦᠢᠴᠡᠳᠭᠡᠵᠡᠢ᠃ ᠮᠥᠨ 《ᠰᠢᠪᠠᠷᠲᠠᠢ ᠭᠦᠭᠦᠷᠭᠡ》 ᠍ ᠢ ᠬᠠᠭᠠᠭᠰᠠᠨ ᠲᠠᠢ ᠬᠣᠯᠪᠣᠭᠳᠠᠭᠤᠯᠤᠨ ᠪᠣᠷᠣᠨᠠᠭᠤᠷ ᠰᠤᠮᠤ ᠶᠢᠨ ᠴᠢᠭᠯᠡᠯ ᠳᠦ ᠲᠦᠷᠢ ᠵᠠᠮ ᠪᠠᠷᠢᠵᠤ᠂ ᠲᠡᠭᠡᠭᠡᠪᠦᠷᠢ ᠶᠢᠨ ᠬᠡᠷᠡᠭᠰᠡᠯ ᠦᠨ ᠬᠥᠳᠡᠯᠭᠡᠭᠡᠨ ᠦ ᠠᠶᠤᠯ ᠦᠭᠡᠢ ᠪᠠᠶᠢᠳᠠᠯ ᠢ ᠬᠠᠩᠭᠠᠨ ᠠᠵᠢᠯᠯᠠᠭᠰᠠᠨ᠃ ᠴᠢᠨᠠᠭᠰᠢᠳᠠ ᠪᠣᠷᠣᠨᠠᠭᠤᠷ ᠰᠤᠮᠤ ᠶᠢᠨ ᠲᠥᠪ ᠦᠨ 0᠂520 ᠭᠠ ᠠᠦ᠋ᠲ᠋ᠣ᠋ ᠵᠠᠮ ᠢ ᠰᠡᠷᠭᠦᠭᠡᠨ ᠵᠠᠰᠠᠪᠤᠷᠢᠯᠠᠬᠤ ᠠᠵᠢᠯ ᠤᠨ 286᠂2 ᠰᠠᠶ᠎ᠠ ᠲᠥᠭᠥᠷᠢᠭ᠂ ᠰᠢᠪᠠᠷᠲᠠᠢ ᠶᠢᠨ ᠭᠦᠭᠦᠷᠭᠡ ᠶᠢ ᠰᠢᠨ᠎ᠡ ᠪᠡᠷ ᠪᠠᠷᠢᠬᠤ 1540᠂0 ᠰᠠᠶ᠎ᠠ ᠲᠥᠭᠥᠷᠢᠭ ᠢ ᠰᠢᠢᠳᠪᠦᠷᠢᠯᠡᠵᠦ ᠥᠭᠬᠦ ᠶᠢ ᠤᠯᠤᠰ ᠤᠨ ᠣᠨᠴᠠᠭᠠᠢ ᠺᠣᠮᠢᠰ ᠠᠴᠠ ᠬᠦᠰᠡᠯ᠎ᠡ᠃

ᠰᠡᠳᠬᠢᠭᠳᠡᠯ ᠦᠯᠡᠳᠡᠭᠡᠬᠦ