ᠮᠣᠩᠭᠣᠯ ᠤᠯᠤᠰ ᠤᠨ ᠵᠠᠰᠠᠭ ᠤᠨ ᠭᠠᠵᠠᠷ ᠤᠨ 2018 ᠣᠨ ᠤ ᠶᠢᠰᠦᠳᠦᠭᠡᠷ ᠰᠠᠷ᠎ᠠ ᠶᠢᠨ 5 ᠍ ᠤ ᠡᠳᠦᠷ ᠦᠨ ᠬᠤᠷᠠᠯᠳᠤᠭᠠᠨ ᠢᠶᠠᠷ ︽ᠮᠣᠩᠭᠣᠯ ᠡᠺᠰᠫᠣᠷᠲ︾ ᠬᠥᠲᠥᠯᠪᠦᠷᠢ ᠶᠢᠨ ᠲᠥᠰᠥᠯ ᠢ ᠬᠡᠯᠡᠯᠴᠡᠨ ᠪᠠᠲᠤᠯᠠᠪᠠ᠃ ᠲᠤᠰ ᠬᠥᠲᠥᠯᠪᠦᠷᠢ ᠶᠢᠨ ᠲᠥᠰᠥᠯ ᠢ ᠭᠠᠳᠠᠭᠠᠳᠤ ᠬᠠᠷᠢᠯᠴᠠᠭᠠᠨ ᠤ ᠶᠠᠮᠤᠨ᠂ ᠰᠠᠩ ᠤᠨ ᠶᠠᠮᠤᠨ᠂ ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ᠂ ᠠᠭᠤᠯᠠ ᠠᠭᠤᠷᠬᠠᠢ ᠬᠦᠨᠳᠦ ᠦᠢᠯᠡᠳᠪᠤᠷᠢ ᠶᠢᠨ ᠶᠠᠮᠤᠨ᠂ ᠦᠨᠳᠦᠰᠦᠨ ᠦ ᠬᠥᠭᠵᠢᠯ ᠦᠨ ᠭᠠᠵᠠᠷ᠂ ᠭᠠᠶᠢᠯᠢ ᠶᠢᠨ ᠶᠡᠷᠦᠩᠬᠡᠢ ᠭᠠᠵᠠᠷ᠂ ᠮᠡᠷᠭᠡᠵᠢᠯ ᠦᠨ ᠬᠢᠨᠠᠯᠲᠠ ᠶᠢᠨ ᠶᠡᠷᠦᠩᠬᠡᠢ ᠭᠠᠵᠠᠷ ᠵᠡᠷᠭᠡ ᠭᠠᠳᠠᠭᠠᠳᠤ ᠬᠤᠳᠠᠯᠳᠤᠭ᠎ᠠ᠂ ᠢᠯᠠᠩᠭᠤᠶ᠎ᠠ ᠡᠺᠰᠫᠣᠷᠲ ᠤᠨ ᠦᠢᠯᠡᠳᠪᠦᠷᠢᠯᠡᠯ ᠬᠤᠳᠠᠯᠳᠤᠭ᠎ᠠ ᠲᠠᠢ ᠬᠣᠯᠪᠣᠭᠠᠲᠠᠢ ᠠᠰᠠᠭᠤᠳᠠᠯ ᠬᠠᠷᠢᠭᠤᠴᠠᠳᠠᠭ ᠶᠠᠮᠤᠨ ᠠᠭ᠍ᠸᠡᠲᠯᠢᠭ᠋ ᠪᠣᠯᠤᠨ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠤᠨ ᠲᠥᠯᠥᠭᠡᠯᠡᠯ ᠪᠠᠭᠲᠠᠭᠰᠠᠨ ᠠᠵᠢᠯ ᠤᠨ ᠬᠡᠰᠡᠭ ᠡᠴᠡ ᠪᠣᠯᠪᠠᠰᠤᠷᠠᠭᠤᠯᠵᠠᠢ᠃
ᠬᠥᠲᠥᠯᠪᠦᠷᠢ ᠶᠢᠨ ᠵᠣᠷᠢᠯᠭ᠎ᠠ ᠨᠢ ᠮᠣᠩᠭᠣᠯ ᠤᠯᠤᠰ ᠤᠨ ᠠᠭᠤᠯᠠ ᠠᠭᠤᠷᠬᠠᠢ ᠶᠢᠨ ᠪᠤᠰᠤ ᠪᠦᠲᠦᠭᠡᠭᠳᠡᠬᠦᠨ ᠦ ᠦᠢᠯᠡᠳᠪᠦᠷᠢᠯᠡᠯ᠂ ᠡᠺᠰᠫᠣᠷᠲ ᠤᠨ ᠬᠠᠤᠯᠢ ᠡᠷᠬᠡ ᠵᠦᠢ᠂ ᠬᠥᠷᠥᠩᠭᠡ ᠣᠷᠣᠭᠤᠯᠤᠯᠲᠠ᠂ ᠰᠠᠩᠬᠦᠦ ᠪᠣᠯᠤᠨ ᠲᠠᠲᠠᠪᠤᠷᠢ ᠶᠢᠨ ᠲᠠᠭᠠᠲᠠᠢ ᠣᠷᠴᠢᠨ ᠢ ᠲᠣᠭᠲᠠᠪᠤᠷᠢᠲᠠᠢ ᠪᠣᠯᠭᠠᠬᠤ᠂ ᠨᠡᠮᠡᠭᠦᠦ ᠥᠷᠲᠡᠭ ᠥᠨᠳᠥᠷ ᠲᠡᠢ ᠪᠦᠲᠦᠭᠡᠭᠳᠡᠬᠦᠨ ᠦ ᠡᠺᠰᠫᠣᠷᠲ ᠢ ᠳᠡᠮᠵᠢᠬᠦ᠂ ᠡᠺᠰᠫᠣᠷᠲ ᠤᠨ ᠪᠦᠲᠦᠭᠡᠭᠳᠡᠬᠦᠨ ᠦ ᠥᠷᠢᠰᠥᠯᠳᠥᠬᠦ ᠴᠢᠳᠠᠪᠤᠷᠢ ᠶᠢ ᠳᠡᠭᠡᠭᠰᠢᠯᠡᠭᠦᠯᠬᠦ᠂ ᠬᠤᠳᠠᠯᠳᠤᠭ᠎ᠠ ᠶᠢ ᠬᠥᠩᠭᠡᠪᠴᠢᠯᠡᠬᠦ᠂ ᠡᠺᠰᠫᠣᠷᠲ ᠤᠨ ᠵᠠᠬ᠎ᠠ ᠵᠡᠭᠡᠯᠢ ᠶᠢᠨ ᠬᠦᠷᠢᠶ᠎ᠡ ᠶᠢ ᠲᠡᠯᠡᠬᠦ ᠠᠷᠭ᠎ᠠ ᠬᠡᠮᠵᠢᠶ᠎ᠡ ᠶᠢ ᠱᠠᠲᠤ ᠳᠠᠷᠠᠭ᠎ᠠ ᠲᠠᠢ ᠠᠪᠴᠤ ᠬᠡᠷᠡᠭᠵᠢᠭᠦᠯᠬᠦ ᠶᠠᠪᠤᠳᠠᠯ ᠠᠵᠠᠢ᠃
ᠬᠥᠲᠥᠯᠪᠦᠷᠢ ᠶᠢ 2018-2022 ᠣᠨ ᠤ ᠬᠣᠭᠣᠷᠣᠨᠳᠣ 2 ᠦᠶ᠎ᠡ ᠱᠠᠲᠤ ᠲᠠᠢ ᠪᠠᠷ ᠬᠡᠷᠡᠭᠵᠢᠭᠦᠯᠪᠡᠯ ᠠᠭᠤᠯᠠ ᠠᠭᠤᠷᠬᠠᠢ ᠶᠢᠨ ᠪᠤᠰᠤ ᠪᠦᠲᠦᠭᠡᠭᠳᠡᠬᠦᠨ ᠦ ᠡᠺᠰᠫᠣᠷᠲ ᠤᠨ ᠦᠢᠯᠡᠳᠪᠦᠷᠢᠯᠡᠯ᠂ ᠡᠺᠰᠫᠣᠷᠲ ᠤᠨ ᠬᠤᠳᠠᠯᠳᠤᠭᠠᠨ ᠤ ᠬᠠᠤᠯᠢ ᠡᠷᠬᠡ ᠵᠦᠢ᠂ ᠬᠥᠷᠥᠩᠭᠡ ᠣᠷᠣᠭᠤᠯᠤᠯᠲᠠ᠂ ᠰᠠᠩᠬᠦᠦ ᠪᠣᠯᠤᠨ ᠲᠠᠲᠠᠪᠤᠷᠢ ᠶᠢᠨ ᠲᠠᠭᠠᠲᠠᠢ ᠣᠷᠴᠢᠨ ᠲᠣᠭᠲᠠᠪᠤᠷᠢᠲᠠᠢ ᠪᠣᠯᠵᠤ᠂ ᠨᠡᠮᠡᠭᠦᠦ ᠥᠷᠲᠡᠭ ᠥᠨᠳᠥᠷ ᠲᠡᠢ ᠡᠺᠰᠫᠣᠷᠲ ᠤᠨ ᠪᠦᠲᠦᠭᠡᠭᠳᠡᠬᠦᠨ ᠦ ᠨᠡᠷ᠎ᠡ ᠲᠥᠷᠥᠯ᠂ ᠲᠣᠭ᠎ᠠ ᠨᠡᠮᠡᠭᠳᠡᠵᠦ᠂ ᠪᠦᠲᠦᠭᠡᠭᠳᠡᠬᠦᠨ ᠦ ᠥᠷᠢᠰᠥᠯᠳᠥᠬᠦ ᠴᠢᠳᠠᠪᠤᠷᠢ ᠳᠡᠭᠡᠭᠰᠢᠯᠡᠵᠦ᠂ ᠡᠺᠰᠫᠣᠷᠲ ᠤᠨ ᠭᠠᠶᠢᠯᠢ ᠶᠢᠨ ᠪᠦᠷᠢᠳᠦᠭᠦᠯᠦᠯᠲᠡ ᠳᠦ ᠵᠠᠷᠤᠴᠠᠭᠤᠯᠬᠤ ᠬᠤᠭᠤᠴᠠᠭ᠎ᠠ᠂ ᠵᠠᠷᠤᠳᠠᠯ ᠪᠠᠭᠤᠷᠠᠵᠤ᠂ ᠮᠣᠩᠭᠣᠯ ᠤᠯᠤᠰ ᠤᠨ ᠨᠡᠶᠢᠲᠡ ᠡᠺᠰᠫᠤᠷᠲ ᠲᠤ ᠬᠥᠳᠡᠭᠡ ᠠᠵᠤ ᠠᠬᠤᠢ ᠶᠢᠨ ᠭᠠᠷᠤᠯ ᠲᠠᠢ ᠪᠣᠯᠪᠠᠰᠤᠷᠠᠭᠤᠯᠬᠤ ᠦᠢᠯᠡᠳᠪᠦᠷᠢ ᠶᠢᠨ ᠪᠦᠲᠦᠭᠡᠭᠳᠡᠬᠦᠨ ᠦ ᠡᠺᠰᠫᠣᠷᠲ ᠤᠨ ᠡᠵᠡᠯᠡᠬᠦ ᠬᠤᠪᠢ ᠬᠡᠮᠵᠢᠶ᠎ᠡ᠂ ᠬᠥᠩᠭᠡᠨ ᠦᠢᠯᠡᠳᠪᠤᠷᠢ᠂ ᠬᠦᠨᠡᠰᠦ ᠬᠥᠳᠡᠭᠡ ᠠᠵᠤ ᠠᠬᠤᠢ ᠶᠢᠨ ᠰᠠᠯᠪᠤᠷᠢ ᠶᠢᠨ ᠡᠺᠰᠫᠣᠷᠲ ᠤᠨ ᠣᠷᠣᠯᠭ᠎ᠠ ᠥᠰᠥᠨ᠎ᠡ ᠭᠡᠵᠦ ᠲᠣᠭᠠᠴᠠᠭᠠᠯᠠᠵᠤ ᠪᠠᠶᠢᠨ᠎ᠠ᠃
ᠳ ᠂ ᠲᠤᠶᠠᠭ᠎ᠠ