ᠪ∙ᠰᠧᠷᠢᠺ ᠬᠦᠷᠡᠯ ᠮᠸᠳᠠᠯ ᠬᠦᠷᠲᠡᠯ᠎ᠡ | News.MN

ᠪ∙ᠰᠧᠷᠢᠺ ᠬᠦᠷᠡᠯ ᠮᠸᠳᠠᠯ ᠬᠦᠷᠲᠡᠯ᠎ᠡ

ᠪᠠᠶᠠᠨ-ᠥᠯᠥᠭᠡᠢ ᠠᠶᠢᠮᠠᠭ ᠤᠨ ᠤᠯᠠᠭᠠᠨᠬᠤᠰᠤ ᠰᠤᠮᠤ ᠶᠢᠨ ᠬᠠᠷᠢᠶᠠᠲᠤ᠂ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ᠂ ᠤᠯᠤᠰ ᠤᠨ ᠨᠠᠴᠢᠨ ᠪ ∙ ᠰᠧᠷᠢᠺ ᠪᠦᠭᠦᠳᠡ ᠨᠠᠶᠢᠷᠠᠮᠳᠠᠬᠤ ᠺᠢᠷᠭᠢᠽᠰᠲ᠋ᠠᠨ ᠤᠯᠤᠰ ᠤᠨ ᠱᠣᠯᠫᠠᠨ-ᠠᠲ᠋ᠠ ᠬᠤᠲᠠ ᠳᠤ ᠪᠣᠯᠵᠤ ᠪᠤᠢ World nomads-2018 ᠳᠡᠯᠡᠬᠡᠢ ᠶᠢᠨ ᠨᠡᠭᠦᠳᠡᠯᠴᠢᠳ ᠦᠨ ᠨᠠᠭᠠᠳᠤᠮ ᠠᠴᠠ ᠠᠯᠢᠱ ᠪᠥᠬᠡ ᠶᠢᠨ ᠲᠥᠷᠥᠯ ᠢᠶᠡᠷ ᠬᠦᠷᠡᠯ ᠮᠧᠳᠠᠯ ᠬᠦᠷᠢᠲᠦᠵᠡᠢ᠃
ᠲᠡᠷᠡ ᠪᠡᠷ100  ᠺᠢᠯᠤᠭ᠍ᠷᠡᠮ ᠵᠢᠩ ᠳᠦ ᠡᠬᠡ ᠣᠷᠣᠨ ᠢᠶᠠᠨ ᠲᠥᠯᠥᠭᠡᠯᠡᠨ ᠪᠠᠷᠢᠯᠳᠤᠭᠰᠠᠨ ᠶᠤᠮ᠃ ᠲᠤᠰ ᠵᠢᠩ ᠦᠨ ᠲᠥᠷᠥᠯ ᠢᠶᠡᠷ ᠲᠦᠺᠮᠧᠨᠰᠲ᠋ᠠᠨ ᠤ ᠪᠥᠬᠡ  ᠪᠠᠲ᠋ᠢᠷᠤᠪ ᠰᠧᠢᠳᠢ ᠠᠪᠤᠷᠭᠤᠯᠠᠭᠰᠠᠨ ᠪᠣᠯ ᠦᠽᠪᠸᠺᠰᠲ᠋ᠠᠨ ᠤ ᠪᠥᠬᠡ ᠮᠠᠪᠯᠤᠨᠤᠪ ᠤᠪᠢᠳᠠᠯᠢ ᠮᠥᠩᠭᠥᠨ ᠮᠧᠳᠠᠯ᠂  ᠮᠤᠯᠳᠠᠪ ᠤᠨ ᠪᠥᠬᠡ ᠮᠣᠯᠳᠠᠪᠠᠨ ᠠᠨᠠᠲ᠋ᠣᠯᠢ ᠮᠥᠨ ᠬᠦᠷᠡᠯ ᠮᠧᠳᠠᠯ ᠬᠦᠷᠲᠡᠭᠰᠡᠨ ᠪᠠᠶᠢᠨ᠎ᠠ᠃
ᠠᠯᠢᠱ ᠨᠢ ᠺᠢᠷᠭᠢᠽ ᠲᠦᠮᠡᠨ ᠦ ᠦᠨᠳᠦᠰᠦᠨ ᠦ ᠰᠫᠣᠷᠲ ᠪᠥᠭᠡᠳ ᠪᠥᠬᠡᠴᠦᠳ ᠪᠡᠶ᠎ᠡ ᠪᠡᠶᠡᠨ ᠦ ᠪᠡᠨ ᠪᠥᠰᠡᠨ ᠡᠴᠡ ᠪᠠᠷᠢᠵᠤ ᠪᠠᠷᠢᠯᠳᠤᠳᠠᠭ ᠠᠵᠠᠢ᠃
ᠥ᠊∙ᠨᠤᠷᠪᠤᠯᠠᠲ

ᠰᠡᠳᠬᠢᠭᠳᠡᠯ ᠦᠯᠡᠳᠡᠭᠡᠬᠦ