ᠴᠸᠺ ᠤᠯᠤᠰ ᠤᠨ ᠲᠤᠰᠠᠯᠠᠮᠵᠢ ᠲᠠᠢ ᠪᠠᠷ ᠡᠪᠦᠯ ᠦᠨ ᠰᠫᠣᠷᠲ ᠤᠨ ᠣᠷᠳᠣᠨ ᠪᠠᠷᠢᠨ᠎ᠠ | News.MN

ᠴᠸᠺ ᠤᠯᠤᠰ ᠤᠨ ᠲᠤᠰᠠᠯᠠᠮᠵᠢ ᠲᠠᠢ ᠪᠠᠷ ᠡᠪᠦᠯ ᠦᠨ ᠰᠫᠣᠷᠲ ᠤᠨ ᠣᠷᠳᠣᠨ ᠪᠠᠷᠢᠨ᠎ᠠ

ᠪᠦᠭᠦᠳᠡ ᠨᠠᠶᠢᠷᠠᠮᠳᠠᠬᠤ ᠴᠸᠺ ᠤᠯᠤᠰ ᠤᠨ ᠲᠤᠰᠠᠯᠠᠮᠵᠢ ᠲᠠᠢ ᠪᠠᠷ ᠡᠪᠦᠯ ᠦᠨ ᠰᠫᠣᠷᠲ ᠤᠨ ᠣᠷᠳᠣᠨ ᠪᠠᠶᠢᠭᠤᠯᠬᠤ ᠲᠠᠯ᠎ᠠ ᠪᠠᠷ ᠥᠩᠭᠡᠷᠡᠭᠰᠡᠨ ᠣᠨ ᠳᠤ ᠰᠠᠨᠠᠯ ᠲᠠᠯᠪᠢᠵᠠᠢ᠃ ᠲᠣᠳᠣᠷᠠᠭᠤᠯᠪᠠᠯ᠂ ᠫᠠᠷᠭ᠎ᠠ  ᠬᠤᠲᠠᠨ᠎ᠠ ᠥᠩᠭᠡᠷᠡᠭᠰᠡᠨ ᠣᠨ ᠤ ᠳᠥᠷᠪᠡᠳᠦᠭᠡᠷ ᠰᠠᠷ᠎ᠠ ᠶᠢᠨ 9-10 ᠍ ᠤ ᠡᠳᠦᠷ ᠦᠳ ᠲᠦ ᠵᠣᠬᠢᠶᠠᠨ ᠪᠠᠶᠢᠭᠤᠯᠤᠭᠳᠠᠭᠰᠠᠨ ᠬᠤᠳᠠᠯᠳᠤᠭ᠎ᠠ ᠡᠳ᠋ ᠍ ᠦᠨ ᠵᠠᠰᠠᠭ᠂ ᠰᠢᠨᠵᠢᠯᠡᠬᠦ ᠤᠬᠠᠭᠠᠨ ᠲᠧᠭᠨᠢᠭ ᠦᠨ ᠬᠠᠮᠲᠤ ᠶᠢᠨ ᠠᠵᠢᠯᠯᠠᠭᠠᠨ ᠤ ᠮᠣᠩᠭᠣᠯ ᠴᠸᠺ  ᠦᠨ ᠵᠠᠰᠠᠭ ᠤᠨ ᠭᠠᠵᠠᠷ ᠬᠣᠭᠣᠷᠣᠨᠳᠣ ᠶᠢᠨ ᠺᠣᠮᠢᠰ ᠤᠨ ᠳᠤᠯᠤᠳᠤᠭᠠᠷ ᠬᠤᠷᠠᠯᠳᠤᠭᠠᠨ ᠢᠶᠠᠷ ᠮᠣᠩᠭᠣᠯ ᠤᠨ ᠲᠠᠯ᠎ᠠ ᠠᠴᠠ ᠲᠠᠯᠪᠢᠭᠰᠠᠨ ᠰᠠᠨᠠᠯ ᠶᠤᠮ᠃ ᠲᠤᠬᠠᠢ ᠶᠢᠨ ᠦᠶ᠎ᠡ ᠳᠦ ᠴᠸᠺ  ᠦᠨ ᠲᠠᠯ᠎ᠠ ᠳᠡᠭᠡᠷᠡᠬᠢ ᠠᠰᠠᠭᠤᠳᠠᠯ ᠢ ᠰᠤᠳᠤᠯᠤᠨ ᠦᠵᠡᠵᠦ᠂ ᠡᠷᠭᠢᠭᠡᠳ ᠬᠠᠷᠢᠭᠤ ᠥᠭᠬᠦ ᠪᠡᠷ ᠪᠣᠯᠤᠭᠰᠠᠨ ᠪᠠᠶᠢᠨ᠎ᠠ᠃
ᠥᠨᠥᠳᠥᠷ ᠪᠣᠯᠪᠠᠰᠤᠷᠠᠯ᠂ ᠰᠤᠶᠤᠯ᠂ ᠰᠢᠨᠵᠢᠯᠡᠬᠦ ᠤᠬᠠᠭᠠᠨ᠂ ᠰᠫᠣᠷᠲ ᠤᠨ ᠰᠠᠶᠢᠳ ᠼ∙ᠴᠣᠭᠵᠢᠯᠮ᠎ᠠ ᠲᠠᠢ ᠪᠦᠭᠦᠳᠡ ᠨᠠᠶᠢᠷᠠᠮᠳᠠᠬᠤ ᠴᠸᠺ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠣᠷᠣᠯᠠᠭᠴᠢ ᠤᠯᠳ᠋ᠷᠡᠵᠢᠾ ᠽᠠᠶ᠋ᠢᠴᠸᠺ ᠠᠭᠤᠯᠵᠠᠬᠤ ᠦᠶ᠎ᠡ ᠪᠡᠷ ᠡᠪᠦᠯ ᠦᠨ ᠰᠫᠣᠷᠲ ᠤᠨ ᠣᠷᠳᠣᠨ ᠪᠠᠶᠢᠭᠤᠯᠵᠤ ᠥᠭᠬᠦ ᠲᠠᠯ᠎ᠠ ᠪᠠᠷ ᠮᠡᠳᠡᠭᠳᠡᠵᠡᠢ᠃ ᠲᠤᠰ ᠤᠯᠤᠰ ᠤᠨ ᠵᠦᠭ ᠡᠴᠡ ᠲᠧᠭᠨᠢᠭ ᠡᠳ᠋ ᠦᠨ ᠵᠠᠰᠠᠭ ᠤᠨ ᠦᠨᠳᠦᠰᠦᠯᠡᠯ ᠢ ᠬᠢᠵᠦ᠂ ᠬᠥᠷᠥᠩᠭᠡ ᠰᠠᠩᠬᠦᠦ ᠶᠢᠨ ᠠᠰᠠᠭᠤᠳᠠᠯ ᠢ ᠰᠢᠢᠳᠴᠦ ᠥᠭᠬᠦ ᠪᠡᠨ ᠳᠤᠭᠤᠯᠭᠠᠭᠰᠠᠨ ᠪᠠᠶᠢᠨ᠎ᠠ᠃
ᠡᠨᠡ ᠦᠶ᠎ᠡ ᠪᠡᠷ ᠼ∙ᠴᠣᠭᠵᠢᠯᠮ᠎ᠠ :ᠮᠣᠩᠭᠣᠯ ᠤᠯᠤᠰ ᠤᠨ ᠵᠠᠰᠠᠭ ᠤᠨ ᠭᠠᠵᠠᠷ ᠤᠨ ᠵᠦᠭ ᠡᠴᠡ ᠲᠠᠯᠪᠢᠭᠰᠠᠨ ᠬᠦᠰᠡᠯᠲᠡ ᠶᠢ ᠨᠠᠭᠠᠰᠢᠲᠠᠢ ᠪᠠᠷ ᠰᠢᠢᠳᠬᠦ ᠪᠡᠷ ᠪᠣᠯᠵᠤ᠂ ᠡᠯᠴᠢᠨ ᠰᠠᠶᠢᠳ ᠵᠠᠬᠢᠳᠠᠯ ᠢᠯᠡᠭᠡᠭᠰᠡᠨ ᠳᠦ ᠲᠠᠯᠠᠷᠬᠠᠯ ᠢᠯᠡᠷᠬᠡᠶᠢᠯᠡᠮᠡᠷ ᠪᠠᠶᠢᠨ᠎ᠠ᠃ ᠢᠷᠭᠡᠳ ᠦᠨ ᠮᠠᠨᠢ ᠬᠦᠰᠡᠨ ᠬᠦᠯᠢᠶᠡᠵᠦ ᠪᠠᠶᠢᠭᠰᠠᠨ ᠨᠢᠭᠡᠨ ᠠᠰᠠᠭᠤᠳᠠᠯ ᠪᠡᠶᠡᠯᠡᠯ ᠢᠶᠡᠨ ᠤᠯᠬᠤ ᠨᠢ᠃ ᠬᠣᠶᠠᠷ ᠣᠷᠣᠨ ᠤ ᠬᠠᠮᠲᠤ ᠶᠢᠨ ᠠᠵᠢᠯᠯᠠᠭ᠎ᠠ ᠴᠤ ᠴᠢᠨᠠᠭᠰᠢᠳᠠ ᠪᠠᠨ ᠦᠷᠭᠦᠯᠵᠢᠯᠡᠵᠦ᠂ ᠦᠷᠭᠡᠵᠢᠨ᠎ᠡ ᠭᠡᠳᠡᠭ ᠲᠦ ᠢᠲᠡᠭᠡᠯ ᠲᠡᠢ ᠪᠠᠶᠢᠭ᠎ᠠ ᠭᠡᠵᠡᠢ᠃
ᠫ ᠂ ᠤᠷᠠᠨ᠎ᠠ

ᠰᠡᠳᠬᠢᠭᠳᠡᠯ ᠦᠯᠡᠳᠡᠭᠡᠬᠦ