ᠨᠡᠶᠢᠰᠯᠡᠯ ᠬᠣᠲᠠ ᠶᠢ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠬᠥᠭᠵᠢᠭᠦᠯᠬᠦ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠯ᠎ᠠ | News.MN

ᠨᠡᠶᠢᠰᠯᠡᠯ ᠬᠣᠲᠠ ᠶᠢ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠬᠥᠭᠵᠢᠭᠦᠯᠬᠦ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠯ᠎ᠠ

ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠰ ∙ ᠪᠠᠲᠤᠪᠠᠯ ᠳᠤ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ᠂ ᠠᠺᠠᠳᠧᠮᠢᠴᠢ ᠳ ∙ ᠷᠦᠭᠳᠡᠯ ᠨᠠᠷ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠪᠠᠶᠢᠭᠤᠯᠵᠤ᠂ ᠭᠠᠷ ᠤᠨ ᠦᠰᠦᠭ ᠵᠢᠷᠤᠯ᠎ᠠ᠃

ᠰᠢᠨᠵᠢᠯᠡᠬᠦ ᠤᠬᠠᠭᠠᠨ ᠤ ᠪᠠᠶᠢᠭᠤᠯᠤᠯᠭ᠎ᠠ᠂ ᠨᠡᠶᠢᠰᠯᠡᠯ ᠦᠨ ᠨᠤᠲᠤᠭ ᠤᠨ ᠵᠠᠬᠢᠷᠭᠠᠨ ᠤ ᠪᠠᠶᠢᠭᠤᠯᠤᠯᠭ᠎ᠠ ᠶᠢᠨ ᠪᠦᠲᠦᠭᠡᠯᠴᠢ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ᠂ ᠴᠠᠭᠠᠰᠢᠳᠠ ᠤᠯᠠᠭᠠᠨᠪᠠᠭᠠᠲᠤᠷ ᠬᠣᠲᠠ ᠶᠢᠨ ᠬᠥᠭᠵᠢᠭᠦᠯᠬᠦ ᠳᠦ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠬᠠᠨᠳᠤᠬᠤ ᠵᠡᠷᠭᠡ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ᠃ ᠬᠠᠮᠲᠤ ᠶᠢᠨ ᠠᠵᠢᠯᠯᠠᠭᠠᠨ ᠤ ᠬᠦᠷᠢᠶᠡᠨ ᠳᠦ ШУА ᠨᠢ ᠨᠡᠶᠢᠰᠯᠡᠯ ᠦᠨ ᠬᠥᠭᠵᠢᠯ ᠦᠨ ᠠᠰᠠᠭᠤᠳᠠᠯ ᠢ ᠰᠢᠢᠳᠪᠦᠷᠢᠯᠡᠬᠦ ᠭᠠᠷᠴᠠ ᠶᠢ ᠲᠣᠳᠣᠷᠬᠠᠶᠢᠯᠠᠬᠤ᠂ ᠬᠥᠭᠵᠢᠭᠦᠯᠬᠦ ᠬᠥᠷᠥᠩᠭᠡ ᠣᠷᠣᠭᠤᠯᠤᠯᠲᠠ ᠶᠢᠨ ᠲᠣᠮᠣ ᠲᠥᠰᠥᠯ ᠦᠳ ᠲᠦ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠣᠳᠣᠯᠭ᠎ᠠ ᠪᠣᠯᠪᠠᠰᠤᠷᠠᠭᠤᠯᠬᠤ ᠳᠤ ᠬᠠᠮᠲᠤᠷᠠᠨ ᠤᠷᠤᠯᠴᠠᠬᠤ᠂ ᠠᠭᠠᠷ ᠪᠣᠯᠤᠨ ᠬᠥᠷᠦᠰᠦᠨ ᠦ ᠪᠣᠬᠢᠷᠳᠠᠯ ᠢ ᠪᠠᠭᠤᠷᠠᠭᠤᠯᠬᠤ ᠠᠵᠢᠯ ᠳᠤ ᠰᠤᠳᠤᠯᠭ᠎ᠠ ᠰᠢᠨᠵᠢᠯᠡᠭᠡᠨ ᠳᠦ ᠲᠦᠰᠢᠭᠯᠡᠭᠰᠡᠨ ᠠᠷᠭ᠎ᠠ ᠵᠦᠢ ᠶᠢᠨ ᠵᠥᠪᠯᠡᠭᠡ ᠥᠭᠴᠦ ᠳᠡᠮᠵᠢᠯᠭᠡ ᠦᠵᠡᠭᠦᠯᠬᠦ ᠵᠡᠷᠭᠡ ᠣᠯᠠᠨ ᠲᠠᠯ᠎ᠠ ᠪᠠᠷ ᠬᠠᠮᠲᠤᠷᠠᠨ ᠠᠵᠢᠯᠯᠠᠬᠤ ᠶᠤᠮ᠃

ᠬᠠᠷᠢᠨ ᠨᠡᠶᠢᠰᠯᠡᠯ ᠬᠣᠲᠠ ᠶᠢᠨ ᠵᠦᠭ ᠡᠴᠡ ᠬᠣᠲᠠ ᠶᠢᠨ ᠬᠥᠭᠵᠢᠯ ᠦᠨ ᠲᠤᠯᠭᠠᠮᠳᠠᠭᠰᠠᠨ ᠠᠰᠠᠭᠤᠳᠠᠯ ᠢ ᠰᠢᠢᠳᠪᠦᠷᠢᠯᠡᠬᠦ ᠳᠦ ᠪᠡᠨ ᠡᠷᠳᠡᠮᠲᠡᠨ ᠰᠤᠳᠤᠯᠤᠭᠠᠴᠢᠳ ᠤᠨ ᠤᠷᠤᠯᠴᠠᠬᠤ ᠨᠥᠬᠥᠴᠡᠯ ᠢ ᠬᠠᠩᠭᠠᠬᠤ᠂ ᠬᠣᠲᠠ ᠶᠢᠨ ᠬᠥᠭᠵᠢᠯ ᠦᠨ ᠠᠰᠠᠭᠤᠳᠠᠯ ᠢᠶᠠᠷ ᠰᠤᠷᠭᠠᠯᠲᠠ ᠰᠧᠮᠢᠨᠠᠷ ᠵᠣᠬᠢᠶᠠᠨ ᠪᠠᠶᠢᠭᠤᠯᠤᠨ᠎ᠠ᠃

ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠰ ∙ ᠪᠠᠲᠤᠪᠠᠯ ᠳᠤ ᠬᠡᠯᠡᠬᠦ ᠳᠦ ᠪᠡᠨ 《ᠨᠡᠶᠢᠭᠡᠮ ᠦᠨ ᠬᠥᠭᠵᠢᠯ ᠦᠨ ᠲᠦᠪᠰᠢᠨ ᠳᠦ ᠪᠢᠳᠡᠨ ᠳᠦ ᠨᠢᠭᠡ ᠠᠯᠳᠠᠭᠳᠠᠵᠤ ᠪᠠᠶᠢᠭ᠎ᠠ ᠵᠦᠢᠯ ᠪᠣᠯ ᠠᠯᠢᠪᠠ ᠨᠢᠭᠡ ᠦᠢᠯᠡ ᠠᠵᠢᠯᠯᠠᠭ᠎ᠠ ᠶᠢ ᠶᠠᠪᠤᠭᠤᠯᠬᠤ ᠳᠤ ᠪᠠᠨ ᠰᠤᠳᠤᠯᠭ᠎ᠠ ᠰᠢᠨᠵᠢᠯᠡᠭᠡᠨ ᠳᠦ ᠦᠨᠳᠦᠰᠦᠯᠡᠨ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠲᠣᠭ᠎ᠠ ᠪᠠᠷᠢᠮᠲᠠ ᠳᠤ ᠦᠨᠳᠦᠰᠦᠯᠡᠨ ᠦᠢᠯᠡ ᠠᠵᠢᠯᠯᠠᠭ᠎ᠠ ᠶᠠᠪᠤᠭᠤᠯᠬᠤ ᠵᠠᠶᠢᠯᠠᠰᠢ ᠦᠭᠡᠢ ᠱᠠᠭᠠᠷᠳᠠᠯᠭ᠎ᠠ ᠲᠤᠯᠭᠠᠷᠴᠢ ᠪᠠᠶᠢᠨ᠎ᠠ᠃ ᠰᠢᠯᠵᠢᠯᠲᠡ ᠶᠢᠨ ᠦᠶ᠎ᠡ ᠶᠢᠨ ᠨᠡᠶᠢᠭᠡᠮ ᠳᠦ ᠪᠣᠯᠤᠨ ᠬᠠᠷᠢᠴᠠᠩᠭᠤᠢ ᠲᠣᠭᠲᠠᠪᠤᠷᠢᠵᠢᠭᠰᠠᠨ ᠥᠨᠥ ᠦᠶ᠎ᠡ ᠳᠦ ᠴᠤ ᠠᠳᠠᠯᠢ ᠬᠠᠶᠠᠭᠳᠠᠵᠤ ᠭᠡᠭᠡᠭᠳᠡᠭᠰᠡᠨ ᠵᠦᠢᠯ ᠪᠣᠯ ᠬᠦᠮᠦᠨ ᠪᠦᠷᠢ ᠣᠨᠣᠯᠴᠢ᠂ ᠥᠪᠡᠷᠰᠡᠳ ᠦᠨ ᠪᠣᠳᠣᠯ ᠢᠶᠠᠷ ᠠᠰᠠᠭᠤᠳᠠᠯ ᠢ ᠰᠢᠢᠳᠪᠦᠷᠢᠯᠡᠬᠦ ᠭᠡᠵᠦ ᠣᠷᠣᠯᠳᠤᠳᠠᠭ ᠪᠣᠯᠤᠭᠰᠠᠨ᠃ ᠢᠯᠠᠩᠭᠤᠶ᠎ᠠ ᠰᠢᠢᠳᠪᠦᠷᠢ ᠭᠠᠷᠭᠠᠬᠤ ᠳᠤ ᠪᠠᠨ ᠰᠢᠨᠵᠢᠯᠡᠬᠦ ᠤᠬᠠᠭᠠᠨ᠂ ᠣᠨᠣᠯᠳᠠ ᠦᠨᠳᠦᠰᠦᠯᠡᠬᠦ ᠦᠭᠡᠢ ᠪᠠᠶᠢᠬᠤ ᠶᠠᠪᠤᠳᠠᠯ ᠶᠡᠬᠡ ᠭᠠᠷᠤᠭᠰᠠᠨ᠃ ᠡᠨᠡ ᠪᠦᠬᠦ ᠦᠢᠯᠡ ᠠᠵᠢᠯᠯᠠᠭ᠎ᠠ ᠶᠠᠪᠤᠭᠰᠠᠭᠠᠷ ᠪᠣᠳᠣᠯᠭ᠎ᠠ ᠪᠣᠯᠪᠠᠰᠤᠷᠠᠭᠤᠯᠬᠤ᠂ ᠰᠢᠢᠳᠪᠦᠷᠢ ᠭᠠᠷᠭᠠᠬᠤ ᠳᠤ ᠪᠠᠨ ᠬᠥᠨᠳᠡᠯᠡᠩ ᠦᠨ ᠨᠥᠯᠦᠭᠡᠨ ᠳᠦ ᠠᠪᠲᠠᠬᠤ ᠪᠠᠶᠢᠳᠠᠯ ᠠᠵᠢᠭᠯᠠᠭᠳᠠᠵᠤ ᠪᠠᠶᠢᠨ᠎ᠠ᠃ ᠡᠨᠡ ᠪᠠᠶᠢᠳᠠᠯ ᠢ ᠵᠠᠰᠠᠵᠤ ᠵᠠᠯᠠᠷᠠᠭᠤᠯᠬᠤ ᠶᠢᠨ ᠲᠤᠯᠠᠳᠠ ᠪᠢᠳᠡ ᠰᠤᠳᠤᠯᠭ᠎ᠠ ᠰᠢᠨᠵᠢᠯᠡᠭᠡᠨ ᠦ ᠪᠠᠶᠢᠭᠤᠯᠤᠯᠭ᠎ᠠ ᠲᠠᠢ ᠬᠠᠮᠲᠤᠷᠠᠵᠤ ᠠᠵᠢᠯᠯᠠᠬᠤ ᠶᠣᠰᠣᠲᠠᠢ》 ᠭᠡᠯ᠎ᠡ᠃

ᠰᠡᠳᠬᠢᠭᠳᠡᠯ ᠦᠯᠡᠳᠡᠭᠡᠬᠦ