ᠡᠪᠦᠯᠵᠢᠯᠲᠡ ᠶᠢᠨ ᠪᠡᠯᠡᠳᠬᠡᠯ ᠰᠠᠶᠢᠨ ᠠᠶᠢᠮᠠᠭ ᠢ 10 ᠰᠠᠶ᠎ᠠ ᠪᠠᠷ ᠦᠨᠡᠯᠡᠨ᠎ᠡ | News.MN

ᠡᠪᠦᠯᠵᠢᠯᠲᠡ ᠶᠢᠨ ᠪᠡᠯᠡᠳᠬᠡᠯ ᠰᠠᠶᠢᠨ ᠠᠶᠢᠮᠠᠭ ᠢ 10 ᠰᠠᠶ᠎ᠠ ᠪᠠᠷ ᠦᠨᠡᠯᠡᠨ᠎ᠡ

ᠬᠠᠳᠤᠯᠠᠩ ᠤᠨ ᠪᠡᠯᠡᠳᠬᠡᠯ ᠬᠡᠳᠦᠨ ᠬᠤᠪᠢ ᠲᠠᠢ ᠶᠠᠪᠤᠭ᠎ᠠ ᠶᠢ ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ  ᠶᠠᠮᠤᠨ ᠍ ᠤ ᠮᠠᠯ ᠠᠵᠤ ᠠᠬᠤᠢ ᠶᠢᠨ ᠪᠣᠳᠣᠯᠭ᠎ᠠ ᠶᠢᠨ ᠬᠡᠷᠡᠭᠵᠢᠯᠲᠡ ᠶᠢ ᠵᠣᠬᠢᠴᠠᠭᠤᠯᠬᠤ ᠭᠠᠵᠠᠷ ᠤᠨ ᠮᠠᠯ ᠠᠵᠤ ᠠᠬᠤᠢ ᠶᠢᠨ ᠰᠠᠯᠪᠤᠷᠢ ᠶᠢᠨ ᠡᠷᠡᠰᠳᠡᠯ ᠭᠠᠮᠰᠢᠭ ᠠᠴᠠ ᠬᠠᠮᠠᠭᠠᠯᠠᠬᠤ ᠪᠣᠳᠣᠯᠭ᠎ᠠ ᠵᠣᠬᠢᠴᠠᠭᠤᠯᠤᠯᠲᠠ᠂ ᠨᠥᠭᠡᠴᠡ ᠶᠢᠨ ᠠᠰᠠᠭᠤᠳᠠᠯ ᠬᠠᠷᠢᠭᠤᠴᠠᠭᠰᠠᠨ ᠠᠬᠠᠯᠠᠬᠤ ᠮᠡᠷᠭᠡᠵᠢᠯᠲᠡᠨ ᠭ ∙ ᠨᠠᠷᠠᠨᠴᠢᠯᠠᠭᠤᠨ ᠠᠴᠠ ᠲᠤᠳᠤᠷᠠᠭᠤᠯᠤᠯ᠎ᠠ᠃
᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎᠎   – ᠤᠷᠭᠤᠴᠠ ᠬᠤᠷᠢᠶᠠᠯᠲᠠ ᠶᠢᠨ ᠲᠥᠯᠥᠪᠯᠡᠭᠡ ᠬᠡᠳᠦᠨ ᠬᠤᠪᠢ ᠲᠠᠢ ᠶᠠᠪᠤᠨ᠎ᠠ ᠪᠤᠢ︖
-ᠣᠳᠣ ᠪᠠᠷ ᠠᠶᠢᠮᠠᠭ᠂ ᠣᠷᠣᠨ ᠨᠤᠲᠤᠭ ᠲᠤ ᠬᠠᠳᠤᠯᠠᠩ ᠪᠡᠯᠡᠳᠬᠡᠯ ᠦᠨ ᠠᠵᠢᠯ ᠢᠳᠡ ᠥᠷᠨᠢᠵᠦ ᠪᠠᠶᠢᠨ᠎ᠠ᠃ ᠡᠨᠡ ᠵᠢᠯ ᠪᠡᠯᠴᠢᠭᠡᠷ ᠦᠨ ᠤᠷᠭᠤᠴᠠ ᠬᠠᠷᠢᠴᠠᠩᠭᠤᠢ ᠰᠠᠶᠢᠨ ᠪᠠᠶᠢᠭ᠎ᠠ᠃ ᠲᠤᠬᠠᠶᠢᠯᠠᠪᠠᠯ᠂ ᠪᠡᠯᠴᠢᠭᠡᠷ ᠦᠨ ᠤᠷᠭᠤᠯᠲᠠ ᠨᠠᠶᠢᠮᠠᠳᠤᠭᠠᠷ ᠰᠠᠷ᠎ᠠ ᠶᠢᠨ 31 ᠍ ᠦ ᠪᠠᠶᠢᠳᠠᠯ ᠢᠶᠠᠷ ᠨᠡᠶᠢᠲᠡ ᠨᠤᠲᠤᠭ ᠤᠨ 90 ᠣᠷᠴᠢᠮ ᠬᠤᠪᠢ ᠳᠤ ᠬᠡᠪ ᠦᠨ᠂ 10 ᠭᠠᠷᠤᠢ ᠬᠤᠪᠢ ᠳᠤ ᠪᠤᠶᠤ ᠬᠣᠪᠳᠣ ᠶᠢᠨ ᠶᠡᠬᠡᠩᠬᠢ᠂  ᠤᠪᠰᠤ᠂ ᠭᠣᠪᠢ-ᠠᠯᠲᠠᠢ᠂ ᠪᠠᠶᠠᠨᠬᠣᠩᠭᠣᠷ᠂ ᠥᠪᠦᠷᠬᠠᠩᠭᠠᠢ ᠶᠢᠨ ᠵᠠᠷᠢᠮ  ᠰᠤᠮᠤ ᠳᠤ ᠳᠤᠮᠳᠠ᠂  ᠤᠪᠰᠤ ᠠᠶᠢᠮᠠᠭ ᠤᠨ ᠵᠠᠷᠢᠮ ᠨᠢᠭᠡ ᠰᠤᠮᠤ ᠪᠠᠷ ᠮᠠᠭᠤ ᠪᠠᠶᠢᠭᠰᠠᠨ᠃ ᠡᠨᠳᠡ ᠡᠴᠡ ᠳ᠋ᠦᠩᠨᠡᠬᠦ ᠳᠦ ᠨᠢᠭᠡ ᠭᠠ ᠲᠠᠯᠠᠪᠠᠢ ᠠᠴᠠ ᠳᠤᠮᠳᠠᠴᠢ ᠪᠠᠷ 6-16 ᠼᠧᠨᠲᠷ ᠬᠠᠳᠤᠯᠠᠩ ᠪᠡᠯᠡᠳᠬᠡᠵᠦ᠂ ᠤᠯᠤᠰ ᠤᠨ ᠬᠡᠮᠵᠢᠶᠡᠨ ᠳᠦ ᠨᠢᠭᠡ ᠰᠠᠶ᠎ᠠ ᠲᠣᠨ ᠠᠴᠠ ᠳᠡᠭᠡᠭᠰᠢ ᠬᠠᠳᠤᠯᠠᠩ ᠪᠡᠯᠡᠳᠬᠡᠬᠦ ᠪᠣᠯᠤᠮᠵᠢ ᠲᠠᠢ ᠭᠡᠵᠦ ᠦᠵᠡᠵᠦ ᠪᠠᠶᠢᠨ᠎ᠠ᠃ ᠡᠨᠡ ᠣᠨ ᠤ ᠤᠷᠭᠤᠴᠠ ᠶᠢᠨ ᠤᠷᠢᠳᠴᠢᠯᠠᠭᠰᠠᠨ ᠪᠠᠯᠠᠨᠰ ᠢᠶᠠᠷ 86.3 ᠮᠢᠩᠭᠠᠨ ᠲᠣᠨ ᠨᠣᠭᠣᠭᠠᠨ ᠲᠡᠵᠢᠭᠡᠯ᠂ ᠭᠤᠯᠢᠷ ᠤᠨ ᠦᠢᠯᠡᠳᠪᠦᠷᠢ ᠨᠦᠭᠦᠳ ᠡᠴᠡ 100 ᠍ ᠊ᠭᠠᠳ ᠮᠢᠩᠭᠠᠨ ᠲᠣᠨ ᠲᠡᠵᠢᠭᠡᠯ ᠦᠢᠯᠡᠳᠪᠦᠷᠢᠯᠡᠬᠦ ᠪᠡᠷ ᠲᠣᠭᠠᠴᠠᠭ᠎ᠠ ᠭᠠᠷᠤᠭᠰᠠᠨ ᠨᠢ ᠬᠦᠴᠦᠲᠦ ᠲᠡᠵᠢᠭᠡᠯ ᠦᠨ ᠬᠠᠩᠭᠠᠮᠵᠢ ᠬᠠᠩᠭᠠᠯᠲᠠᠲᠠᠢ ᠪᠠᠶᠢᠬᠤ ᠪᠠᠷ ᠪᠠᠶᠢᠨ᠎ᠠ᠃
-ᠡᠪᠦᠯᠵᠢᠯᠲᠡ ᠶᠢᠨ ᠪᠡᠯᠡᠳᠬᠡᠯ ᠠᠵᠢᠯ ᠢ ᠢᠳᠡᠪᠬᠢᠵᠢᠭᠦᠯᠬᠦ ᠶᠠᠮᠠᠷ ᠠᠵᠢᠯ ᠬᠢᠵᠦ ᠪᠠᠶᠢᠨ᠎ᠠ ᠪᠤᠢ︖
– ᠶᠠᠮᠤᠨ ᠠᠴᠠ ᠣᠷᠣᠨ ᠨᠤᠲᠤᠭ ᠲᠤ ᠡᠪᠦᠯᠵᠢᠯᠲᠡ ᠶᠢᠨ ᠪᠡᠯᠡᠳᠬᠡᠯ ᠠᠵᠢᠯ ᠢ ᠦᠷ᠎ᠡ ᠳ᠋ᠦᠩ ᠲᠡᠢ᠂ ᠰᠢᠭᠤᠷᠬᠠᠢ ᠵᠣᠬᠢᠶᠠᠨ ᠪᠠᠶᠢᠭᠤᠯᠬᠤ ᠪᠠᠷ ︽ᠬᠠᠳᠤᠯᠠᠩ ᠲᠡᠵᠢᠭᠡᠯ-2018︾ ᠪᠣᠯᠵᠣᠯᠲᠤ ᠤᠷᠤᠯᠳᠤᠭᠠᠨ ᠵᠠᠷᠯᠠᠭᠠᠳ ᠪᠠᠶᠢᠨ᠎ᠠ᠃ ᠤᠷᠤᠯᠳᠤᠭᠠᠨ ᠳᠤ ᠡᠪᠦᠯᠵᠢᠯᠲᠡ ᠶᠢᠨ ᠪᠡᠯᠡᠳᠬᠡᠯ ᠬᠠᠩᠭᠠᠬᠤ ᠳᠤ ᠪᠠᠶᠢᠭᠠᠯᠢ ᠶᠢᠨ ᠬᠠᠳᠤᠯᠠᠩ᠂ ᠭᠠᠷ ᠲᠡᠵᠢᠭᠡᠯ ᠪᠡᠯᠡᠳᠬᠡᠬᠦ ᠡᠴᠡ ᠭᠠᠳᠠᠨ᠎ᠠ ᠣᠲᠣᠷ ᠨᠡᠭᠦᠳᠡᠯ᠂ ᠮᠠᠯ ᠡᠮᠨᠡᠯᠭᠡ ᠶᠢᠨ ᠠᠷᠭ᠎ᠠ ᠬᠡᠮᠵᠢᠶ᠎ᠡ ᠶᠢ ᠰᠠᠶᠢᠨ ᠵᠣᠬᠢᠶᠠᠨ ᠪᠠᠶᠢᠭᠤᠯᠤᠭᠰᠠᠨ᠂ ᠮᠠᠯ ᠰᠦᠷᠦᠭ ᠢᠶᠡᠨ ᠡᠳ᠋ ᠍ ᠦᠨ ᠵᠠᠰᠠᠭ ᠤᠨ ᠡᠷᠭᠢᠯᠲᠡ ᠳᠦ ᠤᠷᠤᠭᠤᠯᠬᠤ ᠠᠷᠭ᠎ᠠ ᠬᠡᠮᠵᠢᠶ᠎ᠡ ᠠᠪᠤᠭᠰᠠᠨ ᠵᠡᠷᠭᠡ ᠦᠵᠡᠭᠦᠯᠦᠯᠲᠡ ᠨᠦᠭᠦᠳ ᠢᠶᠡᠷ ᠡᠪᠦᠯᠵᠢᠯᠲᠡ ᠶᠢᠨ ᠪᠡᠯᠡᠳᠬᠡᠯ ᠢ ᠬᠠᠮᠤᠭ ᠤᠨ ᠰᠠᠶᠢᠨ ᠬᠠᠩᠭᠠᠭᠰᠠᠨ ᠠᠶᠢᠮᠠᠭ ᠢ 15 ᠰᠠᠶ᠎ᠠ᠂ ᠰᠤᠮᠤ ᠶᠢ 10 ᠰᠠᠶ᠎ᠠ᠂ ᠮᠠᠯᠴᠢᠳ ᠤᠨ ᠪᠦᠯᠦᠭ (ᠬᠣᠷᠰᠢᠶ᠎ᠠ)  ᠢ ᠭᠤᠷᠪᠠᠨ ᠰᠠᠶ᠎ᠠ ᠲᠥᠭᠥᠷᠢᠭ ᠢᠶᠡᠷ ᠤᠷᠮᠠᠰᠢᠭᠤᠯᠤᠨ᠎ᠠ᠃
ᠷ᠂ ᠷᠢᠨᠴᠢᠨᠳᠤᠯᠮ᠎ᠠ

ᠰᠡᠳᠬᠢᠭᠳᠡᠯ ᠦᠯᠡᠳᠡᠭᠡᠬᠦ