ᠠᠮᠧᠷᠢᠺᠠ ᠬᠢᠲᠠᠳ ᠤᠨ ᠪᠠᠷᠠᠭ᠎ᠠ ᠳᠤ ᠲᠠᠲᠠᠪᠤᠷᠢ ᠨᠡᠮᠡᠵᠦ ᠮᠠᠭᠠᠳ ᠦᠭᠡᠢ | News.MN

ᠠᠮᠧᠷᠢᠺᠠ ᠬᠢᠲᠠᠳ ᠤᠨ ᠪᠠᠷᠠᠭ᠎ᠠ ᠳᠤ ᠲᠠᠲᠠᠪᠤᠷᠢ ᠨᠡᠮᠡᠵᠦ ᠮᠠᠭᠠᠳ ᠦᠭᠡᠢ

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠢᠮᠫᠣᠷᠲᠯᠠᠳᠠᠭ ᠪᠠᠷᠠᠭ᠎ᠠ ᠪᠦᠲᠦᠭᠡᠭᠳᠡᠬᠦᠨ ᠳᠦ ᠨᠡᠮᠡᠯᠲᠡ ᠲᠠᠲᠠᠪᠤᠷᠢ ᠨᠣᠭᠳᠠᠭᠤᠯᠤᠨ᠎ᠠ ᠭᠡᠵᠦ ᠠᠮᠧᠷᠢᠺᠠ ᠶᠢᠨ ᠨᠢᠭᠡᠳᠦᠭᠰᠡᠨ ᠤᠯᠤᠰ ᠡᠮᠦᠨ᠎ᠡ ᠨᠢ ᠮᠡᠳᠡᠭᠳᠡᠭᠰᠡᠨ ᠪᠢᠯᠡ᠃ ᠮᠡᠳᠡᠭᠡᠯᠡᠭᠰᠡᠨ ᠢᠶᠡᠷ ᠪᠣᠯ ᠡᠨᠡ ᠠᠷᠭ᠎ᠠ ᠬᠡᠮᠵᠢᠶ᠎ᠡ ᠢᠷᠡᠬᠦ ᠳᠣᠯᠣᠭ᠎ᠠ ᠬᠣᠨᠣᠭ ᠲᠤ ᠬᠡᠷᠡᠭᠵᠢᠵᠦ ᠡᠬᠢᠯᠡᠬᠦ ᠶᠤᠮ᠃ ᠰᠡᠭᠦᠯ ᠦᠨ ᠬᠤᠭᠤᠴᠠᠭ᠎ᠠ ᠪᠤᠶᠤ ᠶᠢᠰᠦᠳᠦᠭᠡᠷ ᠰᠠᠷ᠎ᠠ ᠶᠢᠨ 6 ᠍ᠠᠴᠠ ᠬᠣᠶᠢᠰᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠢᠮᠫᠣᠷᠲᠯᠠᠳᠠᠭ 200 ᠲᠡᠷᠪᠤᠮ ᠳ᠋ᠣᠯᠯᠠᠷ ᠤᠨ ᠦᠨ᠎ᠡ ᠪᠦᠬᠦᠢ ᠪᠠᠷᠠᠭ᠎ᠠ ᠪᠦᠲᠦᠭᠡᠭᠳᠡᠬᠦᠨ ᠳᠦ ᠨᠡᠮᠡᠯᠲᠡ ᠲᠠᠲᠠᠪᠤᠷᠢ ᠨᠣᠭᠳᠠᠭᠤᠯᠬᠤ ᠵᠣᠷᠢᠯᠭ᠎ᠠ ᠲᠠᠢ ᠪᠠᠶᠢᠭ᠎ᠠ ᠪᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠲᠷᠠᠮᠫ ᠢᠯᠡᠷᠬᠡᠶᠢᠯᠡᠭᠰᠡᠨ ᠭᠡᠵᠦ Bloomberg ᠲᠧᠯᠧᠸᠢᠽ ᠮᠡᠳᠡᠭᠡᠯᠡᠵᠡᠢ᠃
ᠥᠩᠭᠡᠷᠡᠭᠰᠡᠨ ᠰᠠᠷ᠎ᠠ ᠳᠤ ᠠᠮᠧᠷᠢᠺᠠ ᠶᠢᠨ ᠨᠢᠭᠡᠳᠦᠭᠰᠡᠨ ᠤᠯᠤᠰ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ 34 ᠲᠡᠷᠪᠤᠮ ᠳ᠋ᠣᠯᠯᠠᠷ ᠤᠨ ᠦᠨ᠎ᠡ ᠪᠦᠬᠦᠢ ᠪᠠᠷᠠᠭ᠎ᠠ ᠪᠦᠲᠦᠭᠡᠭᠳᠡᠬᠦᠨ ᠳᠦ 25  ᠬᠤᠪᠢ ᠶᠢᠨ ᠲᠠᠲᠠᠪᠤᠷᠢ ᠨᠣᠭᠳᠠᠭᠤᠯᠤᠭᠰᠠᠨ ᠪᠣᠯ ᠥᠩᠭᠡᠷᠡᠭᠰᠡᠨ ᠳᠣᠯᠣᠭ᠎ᠠ ᠬᠣᠨᠣᠭ ᠲᠤ 16 ᠲᠡᠷᠪᠤᠮ ᠳ᠋ᠣᠯᠯᠠᠷ ᠤᠨ ᠪᠠᠷᠠᠭ᠎ᠠ ᠪᠦᠲᠦᠭᠡᠭᠳᠡᠬᠦᠨ ᠳᠦ ᠨᠡᠮᠡᠯᠲᠡ ᠲᠠᠲᠠᠪᠤᠷᠢ ᠳᠠᠬᠢᠨ ᠨᠣᠭᠳᠠᠭᠤᠯᠤᠭᠰᠠᠨ ᠪᠢᠯᠡ᠃
ᠬᠠᠷᠢᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠮᠧᠷᠢᠺᠠ ᠶᠢᠨ ᠨᠢᠭᠡᠳᠦᠭᠰᠡᠨ ᠤᠯᠤᠰ ᠤᠨ ᠡᠰᠡᠷᠭᠦ ᠠᠳᠠᠯᠢ ᠠᠷᠭ᠎ᠠ ᠬᠡᠮᠵᠢᠶ᠎ᠡ ᠠᠪᠴᠤ ᠪᠠᠶᠢᠭ᠎ᠠ ᠬᠡᠳᠦᠢ ᠴᠤ ᠲᠷᠠᠮᠫ 200 ᠲᠡᠷᠪᠤᠮ ᠳ᠋ᠣᠯᠯᠠᠷ ᠤᠨ ᠦᠨ᠎ᠡ ᠪᠦᠬᠦᠢ ᠪᠠᠷᠠᠭ᠎ᠠ ᠪᠦᠲᠦᠭᠡᠭᠳᠡᠬᠦᠨ ᠳᠦ ᠨᠡᠮᠡᠯᠲᠡ ᠲᠠᠲᠠᠪᠤᠷᠢ ᠨᠣᠭᠳᠠᠭᠤᠯᠪᠠᠯ ᠲᠡᠳᠡ ᠢᠵᠢᠯ ᠬᠠᠷᠢᠭᠤ ᠠᠷᠭ᠎ᠠ ᠬᠡᠮᠵᠢᠶ᠎ᠡ ᠠᠪᠬᠤ ᠪᠣᠯᠤᠮᠵᠢ ᠦᠭᠡᠢ ᠶᠤᠮ᠃ ᠤᠴᠢᠷ ᠨᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠥᠩᠭᠡᠷᠡᠭᠰᠡᠨ ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠠᠴᠠ 130 ᠲᠡᠷᠪᠤᠮ ᠳ᠋ᠣᠯᠯᠠᠷ ᠤᠨ ᠪᠠᠷᠠᠭ᠎ᠠ ᠪᠦᠲᠦᠭᠡᠭᠳᠡᠬᠦᠨ  ᠢᠮᠫᠤᠷᠲᠯᠤᠭᠰᠠᠨ ᠪᠠᠶᠢᠨ᠎ᠠ᠃
ᠳ ∙ ᠨᠢᠮᠠᠲᠤᠯᠭ᠎ᠠ

ᠰᠡᠳᠬᠢᠭᠳᠡᠯ ᠦᠯᠡᠳᠡᠭᠡᠬᠦ