ᠤᠶᠤᠨ ᠤ ᠤᠨᠳᠤᠷᠠᠭ᠎ᠠ ᠺᠤᠮᠫᠠᠨᠢ᠂ ᠰᠤᠶᠤᠯ ᠠᠮᠠᠷᠠᠯᠲᠠ ᠶᠢᠨ ᠵᠠᠶᠢᠰᠠᠩ ᠾᠢᠯᠯ ᠴᠣᠭᠴᠠᠯᠠᠪᠤᠷᠢ ᠶᠢᠨ ᠰᠠᠨᠠᠭᠠᠴᠢᠯᠭ᠎ᠠ ᠪᠠᠷ ᠣᠶᠤᠨ ᠤ ᠰᠫᠣᠷᠲ ᠢ ᠬᠥᠭᠵᠢᠭᠦᠯᠬᠦ ᠵᠣᠷᠢᠯᠭ᠎ᠠ ᠪᠠᠷ ᠣᠯᠠᠨ ᠤᠯᠤᠰ ᠤᠨ ᠰᠢᠲᠠᠷ᠎ᠠ ᠶᠢᠨ ᠶᠡᠬᠡ ᠮᠠᠰᠲ᠋ᠸᠷ ᠠ᠊ ᠂ ᠡᠩᠬᠡᠲᠤᠤᠯᠠ ᠲᠠᠢ ᠬᠠᠮᠲᠤᠷᠠᠨ ︽ ᠰᠢᠲᠠᠷ᠎ᠠ ᠶᠢᠨ ᠵᠡᠷᠭᠡ ᠲᠤᠭᠯᠠᠬᠤ ᠡᠳᠦᠷᠯᠢᠭ ︾ ᠍ ᠢ 9 ᠍ ᠳᠦᠭᠡᠷ ᠰᠠᠷ᠎ᠠ ᠶᠢᠨ 02 ᠡᠳᠦᠷ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃
ᠲᠤᠰ ᠡᠳᠦᠷᠯᠢᠭ ᠲᠦ ᠰᠢᠲᠠᠷ᠎ᠠ ᠰᠣᠨᠢᠷᠬᠠᠭᠴᠢ ᠢᠷᠭᠡᠳ ᠪᠣᠯᠤᠨ ᠰᠢᠲᠠᠷ᠎ᠠ ᠶᠢᠨ ᠰᠫᠣᠷᠲ ᠢᠶᠠᠷ ᠬᠢᠴᠢᠶᠡᠯᠯᠡᠭᠴᠢᠳ ᠴᠤᠭᠯᠠᠷᠠᠭᠰᠠᠨ ᠪᠠᠶᠢᠨ᠎ᠠ᠃ ᠶᠡᠬᠡ ᠮᠠᠰᠲ᠋ᠸᠷ ᠠ᠊ ᠂ ᠡᠩᠬᠡᠲᠤᠤᠯᠠ ᠨᠡᠶᠢᠲᠡ 41 ᠬᠦᠮᠦᠨ ᠲᠡᠢ ᠲᠠᠰᠤᠷᠠᠯᠲᠠ ᠦᠭᠡᠢ 4 ᠴᠠᠭ 30 ᠮᠢᠨᠦ᠋ᠲ ᠲᠣᠭᠯᠠᠬᠤ ᠳᠤ ᠪᠠᠨ 36 ᠬᠦᠮᠦᠨ ᠢ ᠬᠣᠵᠢᠵᠤ᠂ 3 ᠬᠦᠮᠦᠨ ᠲᠡᠢ ᠲᠡᠩᠴᠡᠵᠦ᠂ 2 ᠬᠦᠮᠦᠨ ᠳᠦ ᠬᠣᠵᠢᠭᠳᠠᠭᠰᠠᠨ᠃ ᠬᠦᠷᠦᠯᠴᠡᠨ ᠢᠷᠡᠭᠰᠡᠨ 41 ᠰᠢᠲᠠᠷ᠎ᠠ ᠶᠢᠨ ᠰᠫᠣᠷᠲ ᠰᠣᠨᠢᠷᠬᠠᠭᠴᠢᠳ ᠤᠨ ᠳᠤᠮᠳᠠ ᠠᠴᠠ ᠬᠠᠮᠤᠭ ᠤᠨ ᠪᠠᠯᠴᠢᠷ ᠨᠢ 5 ᠨᠠᠰᠤᠲᠠᠢ ᠪᠠᠶᠢᠭᠰᠠᠨ ᠪᠣᠯ ᠬᠠᠮᠤᠭ ᠤᠨ ᠠᠬᠠᠮᠠᠳ ᠨᠢ 62 ᠨᠠᠰᠤᠲᠠᠢ ᠢᠷᠭᠡᠨ ᠪᠠᠶᠢᠯ᠎ᠠ᠃
ᠡᠨᠡᠬᠦ ᠡᠳᠦᠷᠯᠢᠭ ᠨᠢ 2016 ᠣᠨ ᠤ 8 ᠍ ᠳᠦᠭᠡᠷ ᠰᠠᠷ᠎ᠠ ᠳᠤ ᠠᠩᠬ᠎ᠠ ᠤᠳᠠᠭ᠎ᠠ ᠪᠠᠨ ᠵᠣᠬᠢᠶᠠᠨ ᠪᠠᠶᠢᠭᠤᠯᠤᠭᠳᠠᠭᠰᠠᠨ ᠪᠥᠭᠡᠳ ᠵᠢᠯ ᠪᠦᠷᠢ ᠤᠯᠠᠮᠵᠢᠯᠠᠯ ᠪᠣᠯᠤᠨ ᠵᠣᠬᠢᠶᠠᠨ ᠪᠠᠶᠢᠭᠤᠯᠤᠭᠳᠠᠬᠤ ᠶᠤᠮ᠃