ᠨᠣᠪᠧᠯ ᠤᠨ ᠱᠠᠩᠨᠠᠯᠲᠤ ᠵᠣᠬᠢᠶᠠᠯᠴᠢ ᠺᠠᠽᠦ᠋ ᠢᠰᠢᠭᠢᠷᠤ᠋ ᠶᠢᠨ ᠵᠣᠬᠢᠶᠠᠯ ᠤᠳ ᠢ ︽ᠮᠤᠨ ᠰᠤᠳᠤᠷ︾ ᠬᠡᠪᠯᠡᠯ ᠦᠨ ᠭᠠᠵᠠᠷ ᠠᠯᠪᠠᠨ ᠶᠣᠰᠣᠨ ᠤ ᠡᠷᠬᠡ ᠲᠡᠢ ᠪᠡᠷ ᠮᠣᠩᠭᠣᠯ ᠤᠩᠰᠢᠭᠴᠢᠳ ᠲᠤ ᠪᠠᠨ ᠬᠦᠷᠭᠡᠬᠦ ᠪᠡᠷ ᠪᠣᠯᠤᠭᠰᠠᠨ ᠪᠢᠯᠡ᠃ ᠲᠡᠭᠡᠪᠡᠯ᠂ ᠲᠤᠰ ᠵᠣᠬᠢᠶᠠᠯᠴᠢ ᠶᠢᠨ ᠬᠠᠮᠤᠭ ᠤᠨ ᠠᠯᠳᠠᠷᠲᠠᠢ ᠲᠤᠭᠤᠷᠪᠢᠯ ᠪᠣᠯᠬᠤ ︽ᠡᠳᠦᠷ ᠡᠴᠡ ᠦᠯᠡᠳᠡᠭᠰᠡᠨ ᠵᠦᠢᠯ ︾ ︵The Remains of the Day︶ ᠷᠣᠮᠠᠨ ᠬᠤᠳᠠᠯᠳᠤᠭᠠᠨ ᠳᠤ ᠭᠠᠷᠬᠤ ᠳᠤ ᠪᠡᠯᠡᠨ ᠪᠣᠯᠵᠠᠢ᠃
《ᠡᠳᠦᠷ ᠡᠴᠡ ᠦᠯᠡᠳᠡᠭᠰᠡᠨ ᠵᠦᠢᠯ》ᠨᠢ 1989 ᠣᠨ ᠳᠤ ᠪᠦᠦᠺᠸᠷ ᠤᠨ ᠱᠠᠩᠨᠠᠯ ᠢ ᠬᠦᠷᠲᠡᠭᠰᠡᠨ᠃ ᠵᠣᠬᠢᠶᠠᠯ ᠳᠤ ᠶᠠᠭᠠᠷᠠᠨ ᠤᠩᠰᠢᠵᠤ ᠪᠣᠯᠤᠮ᠎ᠠ ᠦᠭᠡᠢ ᠬᠦᠮᠦᠨ ᠦ ᠠᠮᠢᠳᠤᠷᠠᠯ ᠤᠨ ᠡᠭᠡᠳᠡᠷᠡᠭᠡ ᠨᠤᠭᠤᠴᠢᠭᠠ ᠶᠢ ᠤᠷᠠᠨ ᠢᠷᠠᠭᠤ᠂ ᠨᠠᠷᠢᠨ ᠭᠢᠷᠠᠬᠠᠢ ᠳᠦᠷᠰᠦᠯᠡᠭᠰᠡᠨ ᠬᠡᠰᠡᠭ ᠦᠳ ᠣᠯᠠᠨ ᠪᠠᠶᠢᠳᠠᠭ᠃ ᠭᠡᠷ ᠦᠨ ᠳᠠᠭᠠᠭᠠᠮᠠᠯ ᠰᠲ᠋ᠢᠸᠧᠨᠰ 1956 ᠣᠨ ᠤ ᠵᠤᠨ ᠬᠣᠷᠢᠨ ᠵᠢᠯ ᠦᠨ ᠡᠮᠦᠨ᠎ᠡ ᠨᠥᠬᠥᠷ ᠲᠦ ᠭᠠᠷᠬᠤ ᠭᠡᠵᠦ ᠣᠷᠳᠣᠨ ᠢ ᠣᠷᠬᠢᠭᠰᠠᠨ ᠺᠧᠨᠲᠠᠨ ᠠᠪᠠᠬᠠᠢ ᠶᠢ ᠵᠣᠷᠢᠵᠤ ᠪᠤᠢ ᠪᠠᠷ ᠵᠣᠬᠢᠶᠠᠯ ᠡᠬᠢᠯᠡᠨ᠎ᠡ᠃ ᠡᠮᠦᠨ᠎ᠡ ᠨᠢ ᠲᠡᠭᠦᠨ ᠳᠦ ᠢᠯᠡᠭᠡᠭᠰᠡᠨ ᠵᠠᠬᠢᠳᠠᠯ ᠠᠴᠠ ᠠᠪᠠᠬᠠᠢ ᠶᠢᠨ ᠭᠡᠷ ᠪᠦᠯᠢ ᠶᠢᠨ ᠠᠮᠢᠳᠤᠷᠠᠯ ᠲᠠᠭ᠎ᠠ ᠦᠭᠡᠢ ᠪᠠᠶᠢᠭ᠎ᠠ ᠶᠢ ᠲᠠᠭᠠᠮᠠᠭᠯᠠᠭᠰᠠᠨ ᠰᠲ᠋ᠢᠸᠧᠨᠰ ᠲᠡᠶᠢᠨᠬᠦ ᠲᠡᠭᠦᠨ ᠢ ᠵᠣᠷᠢᠬᠤ ᠪᠠᠷ ᠰᠢᠢᠳᠴᠠᠢ᠃ ᠡᠨᠡ ᠮᠡᠲᠦ ᠭᠣᠣᠯ ᠳᠦᠷᠢ ᠶᠢᠨ ᠬᠦᠦᠷᠨᠢᠯ ᠦᠭᠡᠢ ᠦᠢᠯᠡᠳᠦᠯ ᠦᠳ ᠨᠣᠮ ᠳᠤ ᠶᠡᠬᠡ ᠭᠠᠷᠬᠤ ᠪᠥᠭᠡᠳ ᠦᠯᠦ ᠬᠦᠦᠷᠨᠢᠬᠦᠢ ᠨᠢ ᠬᠦᠦᠷᠨᠢᠬᠦ ᠡᠴᠡ ᠪᠡᠨ ᠢᠯᠡᠭᠦᠦ ᠤᠳᠬ᠎ᠠ ᠤᠴᠢᠷ ᠲᠠᠢ ᠪᠠᠶᠢᠵᠤ ᠪᠣᠯᠬᠤ ᠲᠤᠬᠠᠢ ᠡᠷᠭᠢᠴᠡᠭᠦᠯᠦᠯ ᠳᠦ ᠬᠥᠲᠥᠯᠦᠨ᠎ᠡ᠃