ᠵ ∙ ᠪᠠᠲᠤᠽᠠᠨᠳᠠᠨ᠄ ᠼ ∙ ᠨᠢᠮᠠᠳᠣᠷᠵᠢ ᠠᠵᠢᠯ ᠢᠶᠠᠨ ᠬᠢᠬᠦ ᠦᠭᠡᠢ ᠪᠠᠶᠢᠨ᠎ᠠ᠂ ᠣᠭᠴᠣᠷ | News.MN

ᠵ ∙ ᠪᠠᠲᠤᠽᠠᠨᠳᠠᠨ᠄ ᠼ ∙ ᠨᠢᠮᠠᠳᠣᠷᠵᠢ ᠠᠵᠢᠯ ᠢᠶᠠᠨ ᠬᠢᠬᠦ ᠦᠭᠡᠢ ᠪᠠᠶᠢᠨ᠎ᠠ᠂ ᠣᠭᠴᠣᠷ

-ᠠᠷᠠᠳᠴᠢᠯᠠᠭᠰᠠᠨ ᠨᠠᠮ ᠤᠨ ᠪᠦᠯᠦᠭ ᠵᠠᠰᠠᠭ ᠤᠨ ᠭᠠᠵᠠᠷ ᠢ ᠣᠭᠴᠣᠷᠠᠭᠤᠯᠬᠤ ᠠᠰᠠᠭᠤᠳᠠᠯ ᠢ ᠬᠥᠨᠳᠡᠵᠦ ᠪᠠᠶᠢᠨ᠎ᠠ᠃ ᠲᠠᠨ ᠤ ᠬᠤᠪᠢ ᠳᠤ ᠶᠠᠮᠠᠷ ᠦᠨᠳᠦᠰᠦᠯᠡᠯ ᠢᠶᠡᠷ ᠵᠠᠰᠠᠭ ᠤᠨ ᠭᠠᠵᠠᠷ ᠢ ᠰᠢᠭᠦᠮᠵᠢᠯᠡᠵᠦ ᠪᠠᠶᠢᠨ᠎ᠠ ᠪᠤᠢ?

-ᠠᠷᠠᠳᠴᠢᠯᠠᠭᠰᠠᠨ ᠨᠠᠮ ᠤᠨ ᠤᠯᠤᠰ ᠲᠥᠷᠥ ᠶᠢᠨ ᠵᠥᠪᠯᠡᠯ ᠬᠤᠷᠠᠯᠳᠤᠭᠠᠳ᠂ ᠵᠠᠰᠠᠭ ᠤᠨ ᠭᠠᠵᠠᠷ ᠢ ᠣᠭᠴᠣᠷᠠᠭᠤᠯᠬᠤ ᠨᠢ ᠵᠦᠢᠲᠡᠢ ᠭᠡᠵᠦ ᠦᠵᠡᠭᠰᠡᠨ᠃ ᠡᠨᠡ ᠵᠠᠰᠠᠭ ᠤᠨ ᠭᠠᠵᠠᠷ ᠤᠨ ᠠᠵᠢᠯ ᠢᠷᠭᠡᠳ ᠦᠨ ᠬᠦᠰᠡᠨ ᠬᠦᠯᠢᠶᠡᠭᠰᠡᠨ ᠱᠠᠭᠠᠷᠳᠠᠯᠭ᠎ᠠ ᠳᠤ ᠬᠦᠷᠬᠦ ᠦᠭᠡᠢ ᠪᠠᠶᠢᠨ᠎ᠠ᠃ ᠬᠦᠮᠦᠨ ᠦ ᠡᠷᠬᠡ ᠵᠥᠷᠢᠴᠡᠭᠰᠡᠨ ᠣᠯᠠᠨ ᠰᠢᠢᠳᠪᠦᠷᠢ ᠶᠢ ᠭᠠᠷᠭᠠᠭᠰᠠᠨ᠃ ᠶᠡᠷᠦᠩᠬᠡᠢ ᠰᠠᠶᠢᠳ ᠨᠡᠶᠢᠭᠡᠮ ᠳᠦ ᠬᠤᠪᠢᠰᠬᠠᠯ ᠬᠢᠨ᠎ᠡ ᠭᠡᠵᠦ ᠠᠮᠠᠯᠠᠵᠤ᠂ ᠭᠠᠷᠴᠤ ᠢᠷᠡᠭᠰᠡᠨ᠃ ᠭᠡᠲᠡᠯ᠎ᠡ ᠠᠮᠠᠯᠠᠭᠰᠠᠨ ᠬᠤᠪᠢᠰᠬᠠᠯ ᠢᠶᠠᠨ ᠡᠬᠢᠯᠡᠭᠦᠯᠬᠦ ᠦᠭᠡᠢ ᠪᠠᠶᠢᠨ᠎ᠠ᠃ ᠡᠷᠳᠡᠨᠢᠲᠦ ᠶᠢᠨ ᠠᠰᠠᠭᠤᠳᠠᠯ ᠢ ᠰᠢᠢᠳᠡᠭᠡ ᠦᠭᠡᠢ᠂ ᠰ ∙ ᠵᠣᠷᠢᠭ ᠤᠨ ᠬᠡᠷᠡᠭ ᠦᠨ ᠵᠠᠬᠢᠶᠠᠯᠠᠭᠴᠢ ᠶᠢ ᠢᠯᠡ ᠪᠣᠯᠭᠠᠨ᠎ᠠ ᠭᠡᠵᠦ ᠠᠮᠠᠯᠠᠭᠰᠠᠨ ᠼ ∙ ᠨᠢᠮᠠᠳᠣᠷᠵᠢ ᠰᠠᠶᠢᠳ ᠠᠯᠠᠭ᠎ᠠ ᠪᠣᠯᠴᠢᠬᠠᠯ᠎ᠠ᠃ ᠣᠯᠠᠨ ᠠᠰᠠᠭᠤᠳᠠᠯ ᠳᠡᠭᠡᠷ᠎ᠡ ᠢᠷᠭᠡᠳ ᠪᠤᠬᠢᠨᠢᠳᠤᠯ ᠲᠠᠢ ᠪᠠᠶᠢᠨ᠎ᠠ᠃ ᠨᠠᠭᠠᠳᠤᠮ ᠤᠨ ᠳᠠᠷᠠᠭ᠎ᠠ ᠨᠠᠮᠤᠷ ᠭᠡᠳᠡᠭ᠃ ᠣᠳᠣ ᠪᠠᠷ ᠰᠤᠷᠭᠠᠭᠤᠯᠢ ᠴᠡᠴᠡᠷᠯᠢᠭ ᠦᠨ ᠪᠠᠷᠢᠯᠭ᠎ᠠ ᠰᠠᠯᠠᠩ ᠵᠠᠳᠠᠭᠠᠢ᠂ ᠲᠧᠨᠳᠧᠷ ᠰᠣᠩᠭᠣᠨ ᠰᠢᠯᠭᠠᠷᠠᠭᠤᠯᠤᠯᠲᠠ ᠳᠥᠩᠭᠡᠵᠢ 50 ᠬᠦᠷᠬᠦ ᠦᠭᠡᠢ ᠬᠤᠪᠢᠲᠠᠢ ᠪᠠᠶᠢᠭ᠎ᠠ᠃ ᠰᠠᠶᠢᠳ ᠳᠠᠷᠤᠭ᠎ᠠ ᠨᠠᠷ ᠨᠢ ᠠᠵᠢᠯ ᠤᠨ ᠪᠠᠶᠢᠷᠢᠨ ᠳᠡᠭᠡᠷ᠎ᠡ ᠪᠡᠨ ᠠᠷᠢᠬᠢᠳᠠᠵᠤ᠂ ᠬᠦᠮᠦᠨ ᠦ ᠠᠮᠢ ᠨᠠᠰᠤᠨ ᠳᠤ ᠬᠦᠷᠦᠭᠰᠡᠨ᠃ ᠲᠩᠷᠢ ᠶᠢᠨ ᠠᠭᠠᠰᠢ ᠠᠷᠠᠨᠰᠢᠨ ᠠᠮᠠᠷ ᠦᠭᠡᠢ ᠪᠠᠶᠢᠭ᠎ᠠ ᠠᠴᠠ ᠡᠭᠦᠳᠴᠦ ᠣᠯᠠᠨ ᠴᠤ ᠵᠠᠮ ᠦᠶᠡᠷ ᠦᠨ ᠤᠰᠤᠨ ᠳᠤ ᠰᠦᠢᠳᠦᠯ ᠢᠶᠡᠨ᠃ ᠲᠡᠶᠢᠮᠦ ᠡᠴᠡ ᠠᠷᠠᠳᠴᠢᠯᠠᠭᠰᠠᠨ ᠨᠠᠮ ᠤᠨ ᠪᠦᠯᠦᠭ ᠡᠨᠡ ᠵᠠᠰᠠᠭ ᠤᠨ ᠭᠠᠵᠠᠷ ᠢ ᠠᠵᠢᠯ ᠢᠶᠠᠨ ᠬᠢᠪᠡᠯ ᠬᠢᠭᠰᠡᠨ ᠰᠢᠭ ᠬᠡᠢ᠂ ᠬᠢᠵᠦ ᠴᠢᠳᠠᠬᠤ ᠦᠭᠡᠢ ᠪᠣᠯ ᠣᠭᠴᠣᠷ ᠭᠡᠳᠡᠭ ᠱᠠᠭᠠᠷᠳᠠᠯᠭ᠎ᠠ ᠶᠢ ᠬᠦᠷᠭᠡᠭᠦᠯᠦᠭᠰᠡᠨ᠃

-ᠲᠠ ᠼ ∙ ᠨᠢᠮᠠᠳᠣᠷᠵᠢ ᠳᠠᠷᠤᠭ᠎ᠠ ᠲᠠᠢ ᠡᠮᠦᠨ᠎ᠡ ᠶᠡᠬᠡ ᠰᠠᠨᠠᠭ᠎ᠠ ᠨᠡᠶᠢᠯᠡᠳᠡᠭ᠂ ᠠᠬ᠎ᠠ ᠳᠡᠭᠦᠦ ᠰᠢᠭ ᠪᠠᠶᠢᠭᠰᠠᠨ᠃ ᠭᠡᠲᠡᠯ᠎ᠡ ᠣᠳᠣ ᠶᠠᠮᠠᠷ ᠤᠴᠢᠷ ᠠᠴᠠ ᠰᠢᠭᠦᠨᠵᠢᠯᠡᠬᠦ ᠪᠣᠯᠪᠠ?

-ᠼ ∙ ᠨᠢᠮᠠᠳᠣᠷᠵᠢ ᠭᠤᠸᠠᠢ ᠰᠠᠶᠢᠳ ᠪᠣᠯᠬᠤ ᠠᠴᠠ ᠡᠮᠦᠨ᠎ᠡ ᠪᠢ ᠭᠤᠷᠪᠠᠨ ᠠᠰᠠᠭᠤᠳᠠᠯ ᠳᠡᠭᠡᠷ᠎ᠡ ᠣᠶᠢᠯᠠᠭᠠᠯᠴᠠᠵᠤ᠂ ᠲᠣᠬᠢᠷᠠᠯᠴᠠᠵᠤ᠂ ᠳᠡᠮᠵᠢᠵᠦ ᠶᠠᠪᠤᠭᠰᠠᠨ᠃ ᠪᠢᠳᠡ ᠬᠠᠮᠲᠤ ᠳᠤ ᠪᠠᠨ ᠡᠷᠳᠡᠨᠢᠲᠦ ᠶᠢᠨ 49 ᠬᠤᠪ ᠢ ᠰᠢᠢᠳᠦᠨ᠎ᠡ ᠭᠡᠵᠦ ᠲᠣᠭᠲᠠᠭᠠᠯ ᠤᠨ ᠲᠥᠰᠥᠯ ᠡᠷᠭᠦᠨ ᠪᠠᠷᠢ ᠳᠤ᠂ ᠤᠯᠤᠰ ᠤᠨ ᠶᠡᠬᠡ ᠬᠤᠷᠠᠯ ᠪᠠᠷ ᠪᠠᠲᠤᠯᠠᠭᠤᠯᠤᠭᠰᠠᠨ᠃ ᠡᠷᠳᠡᠨᠢ ᠲᠡᠢ ᠬᠣᠯᠪᠣᠭᠠᠲᠠᠢ ᠮᠠᠷᠭᠤᠭᠠᠨ ᠢ ᠴᠡᠭᠴᠡᠯᠡᠨ᠎ᠡ ᠭᠡᠵᠦ ᠼ ∙ ᠨᠢᠮᠠᠳᠣᠷᠵᠢ ᠭᠤᠸᠠᠢ ᠠᠮᠠᠯᠠᠯᠲᠠ ᠥᠭᠴᠦ ᠰᠠᠶᠢᠳ ᠪᠣᠯᠤᠭᠰᠠᠨ᠃ ᠭᠡᠲᠡᠯ᠎ᠡ ᠡᠨᠡ ᠠᠰᠠᠭᠤᠳᠠᠯ ᠰᠢᠢᠳᠦᠭᠳᠡᠬᠦ ᠦᠭᠡᠢ ᠪᠠᠶᠢᠨ᠎ᠠ᠃ ᠬᠣᠶᠠᠳᠤᠭᠠᠷ ᠲᠤ᠂ ᠰ ∙ ᠵᠣᠷᠢᠭ ᠤᠨ ᠬᠡᠷᠡᠭ ᠦᠨ ᠵᠠᠬᠢᠶᠠᠯᠠᠭᠴᠢ ᠶᠢ ᠢᠯᠡ ᠪᠣᠯᠭᠠᠨ᠎ᠠ᠂ ᠡᠨᠡ ᠬᠡᠷᠡᠭ ᠲᠦ ᠬᠣᠯᠪᠣᠭᠳᠠᠵᠤ ᠪᠠᠶᠢᠭ᠎ᠠ ᠵᠠᠯᠠᠭᠤᠴᠤᠳ ᠤᠨ ᠠᠰᠠᠭᠤᠳᠠᠯ ᠢ ᠨᠢᠭᠡ ᠲᠡᠰᠢ ᠪᠣᠯᠭᠠᠨ᠎ᠠ ᠭᠡᠵᠦ ᠶᠠᠷᠢᠭᠰᠠᠨ᠃ ᠥᠨᠥᠳᠥᠷ ᠪᠣᠯᠲᠠᠯ᠎ᠠ ᠰᠢᠢᠳᠦᠭᠳᠡᠬᠦ ᠦᠭᠡᠢ ᠪᠠᠶᠢᠨ᠎ᠠ᠃ ᠭᠤᠷᠪᠠᠳᠤᠭᠠᠷ ᠲᠤ᠂ ᠼ ∙ ᠨᠢᠮᠠᠳᠣᠷᠵᠢ ᠬᠠᠤᠯᠢ ᠶᠢᠨ ᠬᠠᠶᠢᠴᠢ ᠶᠢ ᠬᠥᠳᠡᠯᠭᠡᠨ᠎ᠡ᠂ ᠠᠪᠤᠯᠠ᠂ ᠬᠤᠯᠠᠭᠠᠢ᠂ ᠯᠤᠶᠢᠪᠠᠷ ᠤᠨ ᠭᠡᠮᠲᠦ ᠬᠡᠷᠡᠭᠲᠡᠨ ᠨᠦᠭᠦᠳ ᠲᠡᠢ ᠲᠡᠮᠡᠴᠡᠨ᠎ᠡ ᠭᠡᠵᠦ ᠠᠮᠠᠯᠠᠯᠲᠠ ᠥᠭᠭᠦᠭᠰᠡᠨ᠃ ᠲᠡᠭᠦᠨ ᠦ ᠶᠠᠷᠢᠭᠰᠠᠨ ᠬᠠᠤᠯᠢ ᠶᠢᠨ ᠬᠠᠶᠢᠴᠢ ᠬᠥᠳᠡᠯᠬᠦ ᠦᠭᠡᠢ ᠪᠠᠶᠢᠨ᠎ᠠ᠃ ᠪᠢ ᠬᠦᠮᠦᠨ ᠲᠡᠢ ᠲᠣᠳᠣᠷᠬᠠᠢ ᠵᠠᠷᠴᠢᠮ᠂ ᠪᠣᠳᠣᠯᠭ᠎ᠠ ᠳᠡᠭᠡᠷ᠎ᠡ ᠯᠠ ᠨᠥᠬᠥᠷᠯᠡᠳᠡᠭ᠃

ᠰᠡᠳᠬᠢᠭᠳᠡᠯ ᠦᠯᠡᠳᠡᠭᠡᠬᠦ